1 ᠳ᠋ᠦ᠋ᠭᠡᠷ ᠰᠠᠷ᠎ᠠ ᠠᠴᠠ 8 ᠳ᠋ᠤᠭᠠᠷ ᠰᠠᠷ᠎ᠠ ᠪᠤᠯᠳᠠᠯ᠎ᠠ᠂ ᠮᠠᠨ ᠤ ᠬᠤᠲᠠ ᠶᠢᠨ ᠬᠡᠪᠴᠢᠶᠡᠵᠢᠯ ᠠᠴᠠ ᠳᠡᠭᠡᠭᠰᠢᠬᠢ | ᠠᠵᠦ ᠤᠶᠢᠯᠡᠳᠪᠦᠷᠢ ᠶᠢᠨ ᠨᠡᠮᠡᠭᠳᠡᠯ ᠤᠨ ᠬᠤᠷᠲᠤᠴᠠ 24.7 % ᠬᠦᠷᠪᠡ | ᠡᠨᠡ ᠵᠢᠯ ᠤᠨ 1 ᠳ᠋ᠦ᠋ᠭᠡᠷ ᠰᠠᠷ᠎ᠠ ᠠᠴᠠ 8 ᠳ᠋ᠤᠭᠠᠷ ᠰᠠᠷ᠎ᠠ ᠪᠤᠯᠳᠠᠯ᠎ᠠ᠂ ᠮᠠᠨ ᠤ ᠬᠤᠲᠠ ᠶᠢᠨ ᠬᠡᠪᠴᠢᠶᠡᠵᠢᠯ | ᠠᠴᠠ ᠳᠡᠭᠡᠭᠰᠢᠬᠢ ᠠᠵᠦ ᠤᠶᠢᠯᠡᠳᠪᠦᠷᠢ ᠶᠢᠨ ᠨᠡᠮᠡᠭᠳᠡᠯ ᠤᠨ ᠬᠤᠷᠲᠤᠴᠠ 24.7 % ᠳᠤ ᠬᠦᠷᠴᠦ᠂ ᠦᠪᠡᠷᠲᠡᠭᠡᠨ | ᠵᠠᠰᠠᠬᠤ ᠤᠷᠤᠨ ᠤ ᠨᠡᠮᠡᠭᠳᠡᠯ ᠤᠨ ᠬᠤᠷᠲᠤᠴᠠ ᠠᠴᠠ 19.14 ᠵᠠᠭᠤᠨ ᠤ ᠨᠢᠭᠡᠴᠢ ᠦᠨᠳᠦᠷ᠂ ᠪᠦᠬᠦ ᠤᠯᠤᠰ ᠤᠨ | ᠨᠡᠮᠡᠭᠳᠡᠯ ᠤᠨ ᠬᠤᠷᠲᠤᠴᠠ ᠠᠴᠠ 18.2 ᠵᠠᠭᠤᠨ ᠤ ᠨᠢᠭᠡᠴᠢ ᠦᠨᠳᠦᠷ ᠪᠤᠯᠵᠦ᠂ 17 ᠰᠠᠷ᠎ᠠ ᠳᠠᠷᠠᠭᠠᠯᠠᠨ | ᠦᠪᠡᠷᠲᠡᠭᠡᠨ ᠵᠠᠰᠠᠬᠤ ᠤᠷᠤᠨ ᠳᠤ ᠲᠡᠷᠢᠬᠦᠯᠡᠵᠡᠢ᠃ | 1 ᠳ᠋ᠦ᠋ᠭᠡᠷ ᠰᠠᠷ᠎ᠠ ᠠᠴᠠ 8 ᠠᠳᠤᠭᠠᠷ ᠰᠠᠷ᠎ᠠ ᠪᠤᠯᠳᠠᠯ᠎ᠠ᠂ ᠮᠠᠨ ᠤ ᠬᠤᠲᠠ ᠶᠢᠨ ᠠᠵᠦ ᠤᠶᠢᠯᠡᠳᠪᠦᠷᠢ ᠶᠢᠨ | ᠤᠶᠢᠯᠡᠳᠪᠦᠷᠢᠯᠡᠯ ᠤᠨ ᠬᠤᠷᠲᠤᠴᠠ ᠦᠷᠭᠦᠯᠵᠢᠯᠡᠨ ᠲᠦᠷᠭᠡᠳᠴᠦ᠂ ᠵᠠᠬ᠎ᠠ ᠳᠡᠯᠬᠡᠬᠦᠷ ᠤᠨ ᠬᠡᠷᠡᠭᠴᠡᠭᠡ ᠦᠨᠳᠦᠰᠦᠨ | ᠳᠡᠭᠡᠨ ᠲᠤᠭᠲᠠᠪᠤᠷᠢᠵᠢᠨ᠂ ᠪᠦᠲᠦᠭᠡᠭᠳᠡᠬᠦᠨ ᠤ ᠪᠤᠷᠤᠯᠠᠭᠤᠯᠤᠯᠳᠠ ᠶᠢᠨ ᠨᠤᠷᠮ᠎ᠠ 99.6 % ᠳᠤ ᠬᠦᠷᠴᠦ᠂ ᠠᠵᠦ | ᠠᠬᠤᠢ ᠶᠢᠨ ᠡᠷᠬᠢᠯᠲᠡ ᠲᠤᠭᠲᠠᠭᠤᠨ ᠢᠶᠠᠷ ᠰᠠᠶᠢᠵᠢᠷᠠᠵᠠᠢ᠃ ᠮᠠᠨ ᠤ ᠬᠤᠲᠠ ᠠᠵᠦ ᠠᠬᠤᠢ ᠶᠢᠨ ᠦᠨᠳᠦᠷ ᠴᠢᠨᠠᠷ | ᠴᠢᠨᠰᠠᠭ᠎ᠠ ᠪᠠᠷ ᠬᠦᠭᠵᠢᠬᠦ ᠬᠠᠷᠠᠯᠲᠠ ᠶᠢᠨ ᠲᠤᠭᠤᠷᠢᠨ ᠳᠤ᠂ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ | ᠦᠬᠡᠷᠴᠢᠯᠡᠯᠲᠡ ᠶᠢ ᠳᠠᠰᠤᠷᠠᠯᠲᠠ ᠦᠬᠡᠢ ᠬᠦᠨᠵᠡᠭᠡᠶᠢᠷᠡᠬᠦᠯᠵᠦ᠂ ᠠᠵᠦ ᠠᠬᠤᠢ ᠶᠢᠨ ᠬᠡᠯᠪᠡᠷᠢ ᠪᠠᠨ ᠬᠤᠪᠢᠷᠠᠭᠤᠯᠵᠤ᠂ | ᠲᠡᠰ ᠲᠡᠪᠰᠢᠭᠦᠯᠦᠨ ᠪᠡᠶᠡᠯᠡᠬᠦᠯᠬᠦ ᠶᠢ ᠲᠦᠷᠭᠡᠳᠬᠡᠵᠦ᠂ ᠤᠷᠴᠢᠯ ᠠᠵᠦ ᠠᠬᠤᠢ ᠶᠢ ᠶᠡᠭᠡ ᠬᠦᠴᠦᠨ ᠢᠶᠠᠷ | ᠬᠦᠭᠵᠢᠬᠦᠯᠦᠨ᠂ ᠤᠯᠠᠮᠵᠢᠯᠠᠯᠲᠦ ᠠᠵᠦ ᠤᠶᠢᠯᠡᠰ ᠤᠨ ᠬᠡᠯᠬᠢᠶ᠎ᠡ ᠶᠢ ᠤᠷᠲᠤᠳᠬᠠᠵᠠᠢ᠃ ᠤᠲᠤᠬᠠᠨ ᠳᠤ᠂ ᠪᠦᠬᠦ | ᠬᠤᠲᠠ ᠶᠢᠨ ᠨᠡᠬᠦᠷᠡᠰᠦ ᠬᠡᠤᠷᠰᠢᠬᠦᠯᠬᠦ ᠠᠵᠦ ᠤᠶᠢᠯᠡᠰ ᠨᠢ ᠨᠢᠬᠡᠨᠲᠡ ᠬᠡᠤᠷᠰᠢᠬᠦᠯᠬᠦ ᠵᠤᠤᠬ᠎ᠠ ᠶᠢᠨ ᠨᠡᠬᠦᠷᠡᠰᠦᠨ ᠬᠡᠢ᠂ | ᠨᠡᠬᠦᠷᠰᠦᠨ ᠲᠠᠪᠠᠷᠬᠠᠢ᠂ ᠮᠧᠲ᠋ᠢᠯ ᠠᠯᠺᠦ᠋ᠯ᠂ LNG ᠵᠡᠷᠭᠡ ᠡᠳ᠋ᠰᠢᠬᠦᠯᠵᠦ ᠪᠤᠯᠪᠠᠰᠤᠷᠠᠭᠤᠯᠬᠤ ᠠᠵᠦ ᠤᠶᠢᠯᠡᠰ ᠤᠨ | ᠬᠡᠯᠬᠢᠶ᠎ᠡ ᠶᠢ ᠪᠦᠷᠢᠯᠳᠦᠬᠦᠯᠦᠨ᠂ ᠾᠧᠯᠤᠷᠲᠦ ᠬᠤᠵᠢᠷ ᠤᠨ ᠬᠢᠮᠢ ᠶᠢᠨ ᠠᠵᠦ ᠤᠶᠢᠯᠡᠳᠪᠦᠷᠢ ᠨᠢ ᠴᠠᠬᠢᠯᠭᠠᠤᠷ ᠴᠢᠯᠠᠭᠤ | — PVC— ᠰᠦᠯᠢᠶᠤᠤ ᠪᠦᠲᠦᠭᠡᠭᠳᠡᠬᠦᠨ᠂ ᠴᠠᠬᠢᠯᠠᠭᠤᠷ ᠴᠢᠯᠠᠭᠤ — 1᠂ 4 ᠬᠤᠶᠠᠷᠴᠢ ᠠᠯᠺᠦ᠋ᠯ | ᠵᠡᠷᠭᠡ ᠠᠵᠦ ᠤᠶᠢᠯᠡᠰ ᠤᠨ ᠬᠡᠯᠬᠢᠶ᠎ᠡ ᠶᠢ ᠪᠦᠷᠢᠯᠳᠦᠬᠦᠯᠵᠡᠢ᠃ ᠪᠦᠬᠦ ᠬᠤᠲᠠ ᠶᠢᠨ ᠠᠵᠦ ᠤᠶᠢᠯᠡᠳᠪᠦᠷᠢ ᠳᠤ᠂ ᠬᠢᠮᠢ | ᠶᠢᠨ ᠠᠵᠦ ᠤᠶᠢᠯᠡᠳᠪᠦᠷᠢ ᠶᠢᠨ ᠠᠵᠢᠯ ᠲᠦᠷᠦᠯ ᠤᠨ ᠲᠤᠯᠭᠠᠭᠤᠷᠢᠯᠠᠬᠤ ᠤᠶᠢᠯᠡᠳᠦᠯ ᠨᠡᠮᠡᠭᠳᠡᠨ᠂ ᠲᠤᠨᠤᠭ | ᠲᠦᠭᠦᠬᠡᠷᠦᠮᠵᠢ ᠤᠶᠢᠯᠡᠳᠬᠦ ᠤᠶᠢᠯᠡᠰ ᠤᠨ ᠨᠡᠮᠡᠭᠳᠡᠯ ᠤᠨ ᠬᠠᠨᠳᠤᠰᠢ ᠴᠢᠩᠭᠠᠷᠠᠨ᠂ ᠳᠡᠭᠡᠲᠦ ᠰᠢᠨ᠎ᠡ ᠮᠡᠷᠬᠡᠵᠢᠯ ᠤᠨ | ᠠᠵᠦ ᠠᠬᠤᠶᠢᠯᠠᠯ ᠠᠮᠢᠵᠢᠷᠠᠯ ᠤᠨ ᠬᠦᠴᠦᠨ ᠢᠶᠠᠷ ᠪᠢᠯᠠᠬᠠᠭᠰᠠᠨ ᠠᠬᠤᠢ ᠪᠠᠶᠢᠳᠠᠯ ᠢᠯᠡᠷᠡᠵᠡᠢ᠃ | |