ᠡᠵᠢ
ᠨᠡᠶᠢᠲᠡᠯᠡᠭᠰᠡᠨ ᠴᠠᠭ᠄
2019-01-15
                                                          ᠪᠣᠶᠠᠨᠳᠠᠯᠠᠢ      ᠥᠷ᠎ᠡ ᠪᠠᠨ ᠳᠣᠭᠤᠷᠢᠵᠥ ᠡᠷᠭᠢᠭᠰᠡᠨ ᠨᠠᠷᠠᠨ ᠪᠢᠯᠡ ᠥᠯᠮᠡᠢ ᠪᠠᠨ ᠴᠣᠭᠤᠷᠡᠳᠠᠯ᠎ᠠ ᠭᠥᠶᠥᠭᠰᠡᠨ ᠬᠠᠶᠢᠷ᠎ᠠ ᠪᠢᠯᠡ ᠥᠨᠡᠨ ᠤ ᠵᠣᠯᠠᠢ ᠥᠨᠥᠷᠯᠡᠭᠰᠡᠨ ᠵᠢᠷᠭᠠᠯ ᠪᠢᠯᠡ ᠥᠷᠥ ᠪᠠᠷ ᠢᠶᠠᠨ ᠵᠥᠭᠡᠯᠡᠷᠡᠵᠦ ᠢᠷᠡᠳᠡᠭ ᠳᠡᠯᠡᠬᠡᠢ ᠪᠢᠯᠡ ᠬᠠᠷᠠᠩᠭᠤᠢ ᠶᠢ ᠰᠥᠯᠡᠵᠥ ᠶᠠᠪᠣᠳᠠᠭ ᠠᠶᠠᠯᠭᠤ ᠪᠢᠯᠡ ᠬᠤᠣᠬᠢᠬᠤ ᠰᠠᠯᠬᠢ ᠨᠥᠮᠥᠷᠢᠯᠡᠵᠥ ᠥᠷᠪᠤᠶᠢᠭ᠍ᠰᠡᠨ ᠳᠡᠪᠡᠯ ᠪᠢᠯᠡ ᠬᠠᠨᠠᠳᠠᠢ ᠳᠣᠯᠠᠭᠠᠨ ᠭᠡᠷ ᠤᠨ  ᠮᠢᠨᠢ  ᠢᠯᠴᠢ ᠨᠢ ᠪᠢᠯᠡ ᠬᠠᠮᠤᠭ ᠢᠶᠠᠨ ᠥᠭᠭᠢᠶᠡᠮᠥᠷᠯᠡᠵᠥ ᠴᠣᠬᠢᠯᠠᠳᠠᠭ ᠵᠢᠷᠥᠬᠡ ᠪᠢᠯᠡ ᠠᠭᠤᠯᠠ ᠣᠰᠣ ᠪᠠᠨ ᠳᠠᠪᠠᠨ ᠳᠣᠭᠤᠯᠣᠭᠰᠠᠨ ᠵᠣᠷᠢᠭ  ᠪᠢᠯᠡ ᠨᠡᠭᠦᠳᠡᠯ ᠤᠨ ᠰᠢᠪᠠᠭᠤ ᠬᠠᠷᠠᠵᠣ ᠨᠢᠯᠪᠣᠰᠣᠷᠠᠳᠠᠭ ᠣᠶᠠᠷᠠᠯ ᠪᠢᠯᠡ ᠬᠢᠷᠠᠭᠤᠳᠣ ᠨᠠᠮᠣᠷ ᠢ ᠰᠠᠯᠬᠢᠯᠠᠵᠣ ᠠᠷᠭᠠᠳᠠᠳᠠᠭ ᠥᠷᠥᠪᠳᠡᠯ ᠪᠢᠯᠡ ᠬᠤᠯᠠ ᠶᠢᠨ ᠪᠠᠷ᠎ᠠ ᠰᠠᠷᠠᠪᠴᠢᠯᠠᠨ ᠰᠠᠭᠤᠳᠠᠭ ᠬᠥᠯᠢᠶᠡᠯᠳᠡ ᠪᠢᠯᠡ ᠪᠥᠳᠥᠨ ᠵᠢᠷᠭᠠᠬᠤ ᠭᠡᠷ ᠤᠨ ᠢᠶᠠᠨ ᠰᠠᠬᠢᠭᠤᠰᠣ ᠪᠢᠯᠡ ᠪᠥᠯᠢ ᠶᠢᠨ ᠳᠣᠯᠭ᠎ᠠ ᠳᠤ ᠭᠠᠯ ᠨᠡᠮᠡᠭᠰᠡᠨ ᠳᠣᠭᠳᠣᠯᠤᠯ ᠪᠢᠯᠡ ᠬᠤᠷᠸ᠎ᠠ ᠶᠢ ᠳᠡᠯᠡᠨ ᠥᠷᠭᠡᠵᠢᠭᠰᠡᠨ ᠥᠨᠳᠥᠰᠥ ᠪᠢᠯᠡ ᠬᠤᠳᠠᠯᠠ ᠳᠤ ᠭᠡᠷᠡᠯ ᠢᠶᠠᠨ ᠠᠰᠬᠠᠳᠠᠭ ᠲᠣᠯᠭ᠎ᠠ ᠪᠢᠯᠡ᠃          
 
ᠢᠷᠡᠯᠲᠡ᠄ ᠠᠷᠠᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号