ᠬᠡᠦᠬᠡᠳ ᠤᠨ ᠪᠦᠭᠰᠡ ᠶᠢ ᠴᠤᠬᠢᠵᠤ ᠵᠠᠩᠳᠤᠷᠬᠤ ᠨᠢ ᠪᠦᠬᠦ ᠳᠡᠯᠡᠬᠡᠶ ᠶᠢᠨ ᠡᠴᠢᠭᠡ ᠡᠬᠡᠴᠦᠦᠯ ᠤᠨ | ᠬᠠᠮᠤᠭ ᠠᠴᠠ ᠦᠷᠭᠦᠯᠵᠢ ᠬᠡᠷᠡᠭᠯᠡᠳᠡᠭ ᠬᠡᠦᠬᠡᠳ ᠰᠤᠷᠭᠠᠬᠤ ᠠᠷᠭ᠎ᠠ ᠮᠠᠶ᠋ᠢᠭ ᠤᠨ ᠨᠢᠭᠡ ᠪᠤᠯᠤᠨ᠎ᠠ᠃ | ᠠᠮᠧᠷᠢᠺᠠ ᠶᠢᠨ ᠮᠢᠰᠢᠭᠠᠠ ᠶᠡᠭᠡ ᠰᠤᠷᠭᠠᠭᠤᠯᠢ ᠶᠢᠨ ᠨᠢᠭᠡᠨ ᠰᠢᠨ᠎ᠡ ᠰᠤᠳᠤᠯᠭᠠᠨ ᠢᠶᠠᠷ ᠭᠡᠷᠡᠴᠢᠯᠡᠭᠰᠡᠨ ᠨᠢ᠂ ᠨᠡᠩ | ᠥᠷᠭᠡᠨ ᠬᠡᠪᠴᠢᠶᠡᠨ ᠳᠤ ᠠᠪᠴᠤ ᠦᠵᠡᠪᠡᠯ᠂ ᠬᠡᠦᠬᠡᠳ ᠤᠨ ᠪᠦᠭᠰᠡ ᠶᠢ ᠴᠤᠬᠢᠵᠤ ᠵᠠᠩᠳᠤᠷᠬᠤ ᠶᠢᠨ ᠬᠡᠦᠬᠡᠳ ᠲᠤ | ᠦᠵᠡᠭᠦᠯᠬᠦ ᠬᠤᠣᠷ ᠬᠥᠨᠥᠭᠡᠯ ᠨᠢ ᠡᠮᠦᠨ᠎ᠡ ᠨᠢ ᠮᠡᠳᠡᠵᠦ ᠪᠠᠶᠢᠭᠰᠠᠨ ᠠᠴᠠ ᠨᠡᠩ ᠶᠡᠭᠡ ᠪᠠᠶᠢᠳᠠᠭ᠃ | ᠡᠨᠡ ᠬᠦ ᠳᠡᠯᠡᠬᠡᠶ ᠨᠡᠶᠢᠲᠡ ᠶᠢᠨ ᠴᠢᠨᠠᠷᠲᠠᠶ ᠰᠢᠨ᠎ᠡ ᠰᠤᠳᠤᠯᠭᠠᠨ ᠨᠢ ᠤᠯᠠᠨ ᠤᠯᠤᠰ ᠤᠨ | ᠬᠤᠯᠪᠣᠭᠠᠲᠤ ᠪᠠᠶᠢᠭᠤᠯᠤᠯᠭ᠎ᠠ ᠶᠢᠨ ᠬᠡᠦᠬᠡᠳ ᠤᠨ ᠰᠠᠭᠤᠷᠢ ᠮᠥᠩᠭᠦᠨ ᠤ ᠨᠡᠶᠢᠭᠡᠮᠯᠢᠭ ᠤᠨ 62 ᠤᠯᠤᠰ ᠠᠴᠠ | ᠴᠤᠭᠯᠠᠭᠤᠯᠤᠭᠰᠠᠨ ᠲᠤᠭ᠎ᠠ ᠪᠠᠷᠢᠮᠲᠠ ᠶᠢ ᠠᠰᠢᠭᠯᠠᠵᠠᠢ᠃ 1/3 ᠶᠢᠨ ᠰᠤᠷᠪᠤᠯᠵᠢᠯᠠᠭ᠎ᠠ ᠬᠦᠯᠢᠶᠡᠨ ᠠᠪᠤᠭᠴᠢ ᠶᠢᠨ | ᠦᠵᠡᠬᠦ ᠪᠠᠷ᠂ ᠬᠡᠦᠬᠡᠳ ᠢ ᠴᠤᠬᠢᠵᠤ ᠵᠠᠩᠳᠤᠷᠬᠤ ᠨᠢ ᠬᠡᠦᠬᠡᠳ ᠢ ᠵᠥᠪ ᠠᠰᠠᠷᠠᠨ ᠲᠡᠵᠢᠭᠡᠬᠦ ᠪᠤᠶᠤ ᠰᠤᠷᠭᠠᠨ | ᠬᠥᠮᠦᠵᠢᠭᠦᠯᠬᠦ ᠳᠤ ᠵᠠᠶᠢᠯᠠᠰᠢ ᠦᠭᠡᠢ ᠴᠢᠬᠤᠯᠠᠲᠠᠢ᠃ ᠰᠤᠳᠤᠯᠤᠭᠳᠠᠬᠤᠨ ᠪᠣᠯᠤᠭᠰᠠᠨ ᠬᠡᠦᠬᠡᠳ ᠤᠳ ᠤᠨ | ᠳᠤᠲᠤᠷ᠎ᠠ᠂ 43% ᠶᠢᠨ ᠬᠡᠦᠬᠡᠳ ᠨᠢ ᠪᠦᠭᠰᠡ ᠪᠠᠨ ᠴᠤᠬᠢᠭᠤᠯᠵᠦ ᠦᠩᠭᠡᠷᠡᠭᠰᠡᠨ ᠪᠤᠶᠤ ᠲᠡᠳᠡᠨ ᠤ ᠪᠠᠶᠢᠭ᠎ᠠ | ᠭᠡᠷ ᠪᠦᠯᠢ ᠶᠢᠨ ᠥᠭᠡᠷ᠎ᠡ ᠨᠢᠭᠡ ᠬᠡᠦᠬᠡᠳ ᠨᠢ ᠪᠦᠭᠰᠡ ᠪᠠᠨ ᠴᠤᠬᠢᠭᠤᠯᠵᠦ ᠦᠩᠭᠡᠷᠡᠭᠰᠡᠨ ᠪᠠᠶᠢᠨ᠎ᠠ᠃ | ᠰᠤᠳᠤᠯᠭᠠᠨ ᠠᠴᠠ ᠦᠵᠡᠪᠡᠯ᠂ ᠬᠡᠦᠬᠡᠳ ᠥᠪᠡᠷ ᠢᠶᠠᠨ ᠪᠦᠭᠰᠡ ᠪᠠᠨ ᠴᠤᠬᠢᠭᠤᠯᠬᠤ ᠪᠤᠶᠤ ᠲᠡᠭᠦᠨ ᠤ ᠠᠬ᠎ᠠ | ᠳᠡᠭᠦᠦ ᠡᠭᠡᠴᠢ ᠥᠬᠢᠨ ᠳᠡᠭᠦᠦ ᠨᠢ ᠪᠥᠭᠰᠡ ᠪᠠᠨ ᠴᠤᠬᠢᠭᠤᠯᠬᠤ ᠶᠢᠨ ᠠᠯᠢ ᠨᠢ ᠪᠠᠶᠢᠭᠰᠠᠨ ᠴᠤ᠂ | ᠬᠡᠦᠬᠡᠳ ᠤᠨ ᠨᠡᠶᠢᠭᠡᠮ ᠤᠨ ᠬᠠᠷᠢᠯᠴᠠᠭᠠᠨ ᠤ ᠴᠢᠳᠠᠪᠤᠷᠢ ᠳᠤ ᠴᠥᠮ ᠨᠥᠯᠥᠭᠡ ᠲᠠᠢ ᠪᠠᠶᠢᠳᠠᠭ᠃ ᠲᠤᠰ | ᠰᠤᠳᠤᠯᠭᠠᠨ ᠤ ᠮᠡᠳᠡᠭᠦᠯᠦᠯᠲᠡ ᠶᠢᠨ ᠨᠢᠭᠡᠳᠦᠭᠡᠷ ᠵᠣᠬᠢᠶᠠᠭᠴᠢ᠂ ᠨᠡᠶᠢᠭᠡᠮ ᠤᠨ ᠠᠵᠢᠯ ᠪᠠ ᠨᠡᠶᠢᠭᠡᠮ ᠤᠨ ᠤᠬᠠᠭᠠᠨ | ᠰᠤᠳᠤᠯᠳᠠᠭ ᠳ᠋ᠣᠺᠲ᠋ᠣᠷᠠᠨᠲ ᠭᠠᠷᠧᠲ · ᠫᠧᠰ᠄ ︽ᠡᠨᠡ ᠦᠯᠢᠭᠡᠷ ᠠᠴᠠ ᠠᠪᠴᠤ ᠦᠵᠡᠪᠡᠯ᠁ | ᠬᠡᠦᠬᠡᠳ ᠤᠨ ᠪᠦᠭᠰᠡ ᠶᠢ ᠴᠤᠬᠢᠬᠤ ᠶᠢᠨ ᠬᠤᠣᠷ ᠬᠦᠨᠦᠭᠡᠯ ᠨᠢ ᠠᠰᠢᠭᠲᠠᠢ ᠲᠠᠯ᠎ᠠ ᠠᠴᠠ ᠪᠠᠨ ᠶᠡᠭᠡ ᠶᠤᠮ | ᠰᠢᠭ᠋ ᠪᠠᠶᠢᠨ᠎ᠠ︾ ᠭᠡᠪᠡ᠃ | ᠫᠧᠰ ᠪᠠᠰᠠ ᠵᠢᠭᠠᠵᠤ ᠭᠠᠷᠭᠠᠭᠰᠠᠨ ᠨᠢ᠂ ᠬᠡᠦᠬᠡᠳ ᠢ ᠴᠤᠬᠢᠵᠤ ᠵᠠᠩᠠᠳᠤᠷᠬᠤ ᠶᠢ ᠪᠠᠭᠠᠰᠬᠠᠬᠤ ᠨᠢ | ᠬᠡᠦᠬᠡᠳ ᠤᠨ ᠰᠡᠳᠬᠢᠯ ᠰᠠᠨᠠᠭᠠᠨ ᠤ ᠳᠠᠷᠤᠭᠠᠰᠤ ᠶᠢ ᠶᠡᠭᠡ ᠪᠠᠷ ᠬᠥᠩᠭᠡᠷᠡᠭᠦᠯᠬᠦ ᠪᠦᠭᠡᠳ ᠪᠦᠬᠦ ᠪᠥᠮᠪᠥᠷᠴᠡᠭ ᠤᠨ | ᠬᠡᠦᠬᠡᠳ ᠤᠨ ᠬᠥᠭᠵᠢᠯᠲᠡ ᠶᠢᠨ ᠪᠠᠶᠢᠳᠠᠯ ᠢ ᠰᠠᠶᠢᠵᠢᠷᠠᠭᠤᠯᠬᠤ ᠪᠤᠯᠤᠨ᠎ᠠ᠃ ᠫᠧᠰ ᠵᠢᠴᠢ ᠲᠡᠭᠦᠨ ᠤ ᠬᠠᠮᠲᠤ | ᠠᠵᠢᠯᠯᠠᠭᠴᠢᠳ ᠤᠨ ᠬᠡᠯᠡᠬᠦ ᠪᠠᠷ᠂ ᠦᠨᠡᠨ ᠳᠡᠭᠡᠨ 54 ᠤᠯᠤᠰ ᠨᠢᠭᠡᠨᠲᠡ ᠬᠡᠦᠬᠡᠳ ᠢ ᠴᠤᠬᠢᠵᠤ ᠵᠠᠩᠳᠤᠷᠬᠤ ᠶᠢ | ᠬᠤᠷᠢᠭᠯᠠᠭᠰᠠᠨ ᠪᠠᠶᠢᠨ᠎ᠠ᠂ ᠡᠨᠡ ᠨᠢ ᠤᠷᠳᠤ ᠬᠤᠭᠤᠴᠠᠭ᠎ᠠ ᠠᠴᠠ ᠠᠪᠴᠤ ᠦᠵᠡᠪᠡᠯ ᠬᠡᠦᠬᠡᠳ ᠤᠨ ᠬᠥᠭᠵᠢᠯᠲᠡ ᠳᠤ | ᠠᠰᠢᠭᠲᠠᠶ ᠶᠤᠮ᠃ |