ᠨᠢᠭᠡ ᠬᠦᠮᠦᠨ ᠤ ᠡᠬᠡ ᠶᠢᠨ ᠬᠡᠪᠡᠯᠢ ᠳᠤ ᠪᠦᠳᠦᠬᠦ ᠠᠴᠠ ᠨᠠᠰᠤ ᠡᠴᠦᠰᠯᠡᠬᠦ ᠬᠦᠷᠳᠡᠯᠡᠬᠢ ᠬᠤᠷᠢᠨ ᠲᠠᠪᠤᠨ ᠦᠶ᠎ᠡ ᠶᠢᠨ ᠨᠡᠷᠡᠶᠢᠳᠦᠯ
ᠨᠡᠶᠢᠲᠡᠯᠡᠭᠰᠡᠨ ᠴᠠᠭ᠄
2019-08-22
      ᠮᠤᠩᠭᠤᠯ ᠣᠯᠤᠰ ᠤᠨ ᠡᠷᠳᠡᠮᠳᠡᠨ ᠲ᠊᠂ ᠭᠠᠯᠰᠠᠩ ᠭᠤᠸᠠᠢ ᠬᠡᠤᠬᠡᠳ ᠨᠠᠰᠣᠨ ᠤ ᠢᠯᠭᠠᠪᠤᠷᠢ ᠪᠠᠷ ᠨᠢᠷᠤᠭᠤᠪᠴᠢᠯᠠᠵᠤ᠂ ᠬᠦᠮᠦᠨ ᠤ ᠲᠦᠷᠦᠬᠦ ᠠᠴᠠ ᠨᠠᠰᠤ ᠨᠦᠭᠴᠢᠬᠦ ᠬᠦᠷᠳᠡᠯᠡᠬᠢ ᠠᠮᠢᠳᠣᠷᠠᠯ ᠤᠨ ᠪᠦᠬᠦᠶᠢᠯᠡ ᠦᠶ᠎ᠡ  ᠶᠢ ᠪᠠᠭᠳᠠᠭᠠᠭᠰᠠᠨ ᠨᠠᠰᠤᠨ ᠤ ᠢᠯᠭᠠᠪᠤᠷᠢ᠂ ᠵᠠᠭᠠᠭ ᠢ ᠬᠤᠷᠢᠨ ᠲᠠᠪᠤᠨ ᠦᠶ᠎ᠡ ᠪᠣᠯᠭᠠᠨ ᠬᠤᠪᠢᠶᠠᠵᠤ᠂ ᠦᠶ᠎ᠡ ᠪᠦᠬᠦᠨ ᠳᠤ ᠣᠣᠭᠠᠯ ᠮᠤᠩᠭᠤᠯ ᠨᠡᠷ᠎ᠡ ᠬᠠᠶᠢᠷᠠᠯᠠᠵᠤ᠂ ᠲᠣᠰ ᠲᠣᠰ ᠤᠨ ᠬᠢᠨᠢ ᠣᠨᠴᠠᠯᠢᠭ ᠢ ᠲᠣᠳᠣᠷᠠᠭᠤᠯᠣᠭᠰᠠᠨ ᠪᠠᠶᠢᠨ᠎ᠠ᠃      1. ᠦᠷ᠎ᠡ ᠪᠤᠶᠠᠨ ᠤ ᠨᠠᠰᠣ᠄ ᠦᠷ᠎ᠡ ᠡᠴᠢᠭᠡ ᠶᠢᠨ ᠰᠢᠮ᠎ᠡ ᠲᠣᠰᠤᠯ᠂ ᠡᠬᠡ ᠶᠢᠨ ᠠᠷᠢᠭᠤᠨ ᠬᠡᠪᠡᠯᠢ ᠳᠤ ᠪᠦᠷᠢᠯᠳᠦᠬᠦ ᠦᠶ᠎ᠡ᠃      2. ᠣᠭᠤᠳᠣᠨ᠎ᠠ ᠰᠡᠭᠦᠯᠯᠡᠬᠦ ᠨᠠᠰᠤ᠄ ᠬᠦᠮᠦᠨ ᠲᠦᠷᠰᠤ ᠣᠯᠬᠤ ᠦᠶ᠎ᠡ ᠶᠢ ᠣᠭᠤᠳᠣᠨ᠎ᠠ ᠰᠡᠭᠦᠯᠯᠡᠬᠦ ᠨᠠᠰᠣ ᠭᠡᠨ᠎ᠡ᠃       3. ᠮᠢᠨᠵᠢ ᠪᠤᠯᠭᠠᠨ ᠨᠠᠰᠤ᠄ ᠡᠬᠡ ᠶᠢᠨ ᠣᠰᠤᠨ ᠬᠡᠪᠡᠯᠢ ᠳᠤ ᠮᠢᠨᠵᠢ ᠰᠢᠭ ᠰᠠᠯᠢᠨ᠂ ᠡᠳᠦᠷ ᠠᠴᠠ ᠡᠳᠦᠷ  ᠲᠤ᠂ ᠭᠱᠠᠨ ᠠᠴᠠ ᠬᠤᠷᠢᠮ ᠳᠤ᠂ ᠬᠤᠷᠢᠮ ᠠᠴᠠ ᠴᠠᠭ ᠲᠤ᠂ ᠴᠠᠭ ᠠᠴᠠ ᠡᠳᠦᠷ ᠲᠤ ᠰᠡᠯᠢᠨ ᠨᠠᠭᠠᠳᠬᠤ ᠣᠰᠤᠨ  ᠤ ᠠᠮᠢᠳᠠᠨ ᠰᠢᠭ᠋ ᠨᠠᠰᠤ ᠶᠢ ᠮᠢᠨᠵᠢ ᠪᠤᠯᠭᠠᠨ ᠨᠠᠰᠤ ᠭᠡᠨ᠎ᠡ᠃      4. ᠡᠬᠡ ᠶᠢᠨ ᠨᠠᠰᠤ᠄ ᠣᠯᠤᠭᠰᠠᠨ ᠭᠱᠠᠨ ᠠᠴᠠ ᠲᠦᠷᠦᠭᠰᠡᠨ ᠬᠤᠷᠣᠮ ᠬᠦᠷᠳᠡᠯᠡᠬᠢ ᠬᠤᠭᠤᠴᠠᠭ᠎ᠠ ᠶᠢ ᠡᠬᠡ  ᠶᠢᠨ ᠨᠠᠰᠤ ᠭᠡᠨ᠎ᠡ᠃      5. ᠮᠡᠨᠳᠦᠯᠡᠬᠦ ᠨᠠᠰᠤ᠄ ᠣᠳᠤᠮ ᠤᠨ ᠣᠯᠠᠭᠠᠴᠢ᠂ ᠡᠴᠢᠭᠡ ᠶᠢᠨ ᠢᠶᠠᠨ ᠭᠡᠷ ᠲᠤ ᠢᠷᠡᠬᠦ ᠬᠤᠪᠣᠷ ᠵᠠᠶᠠᠭ᠎ᠠ ᠢᠷᠦᠭᠡᠯᠳᠣ ᠦᠶ᠎ᠡ ᠶᠢ ᠮᠡᠨᠳᠦᠯᠡᠬᠦ ᠨᠠᠰᠤ ᠭᠡᠨ᠎ᠡ᠃      6. ᠦᠯᠦᠭᠡᠢ ᠲᠠᠢ ᠨᠠᠰᠤ᠄ ᠮᠠᠴᠤᠢ ᠳᠤ ᠮᠠᠷᠢᠶᠠᠯᠠᠬᠤ ᠦᠶ᠎ᠡ ᠶᠢ ᠦᠯᠦᠭᠡᠢ ᠲᠠᠢ ᠨᠠᠰᠤ ᠭᠡᠨ᠎ᠡ᠃ ᠪᠠᠰᠠ ᠨᠢᠷᠠᠢ ᠨᠠᠰᠤ ᠭᠡᠨ᠎ᠡ᠃      7. ᠣᠬᠢᠯᠠᠮᠠᠬᠠᠢ ᠨᠠᠰᠤ᠄ ᠣᠬᠢᠯᠠᠬᠤ ᠨᠢ ᠡᠪᠡᠳᠴᠢᠨ ᠪᠤᠰᠤ᠂ ︽ᠣᠬᠢᠯᠠᠭᠰᠠᠭᠠᠷ ᠣᠬᠢᠯᠠᠭᠰᠠᠭᠠᠷ ᠬᠦᠮᠦᠨ ᠪᠤᠯᠳᠠᠭ᠂ ᠮᠠᠶᠢᠯᠠᠭᠰᠠᠭᠠᠷ ᠮᠠᠶᠢᠯᠠᠭᠰᠠᠭᠠᠷ ᠮᠠᠯ ᠪᠤᠯᠳᠠᠭ᠃︾ ᠬᠤᠪᠢ ᠦᠢᠷ᠎ᠠ ᠶᠢᠨ ᠬᠢᠨ ᠲᠠᠢ ᠪᠠᠨ ᠬᠠᠰᠭᠢᠷᠤᠨ ︽ᠶᠠᠷᠢᠳᠠᠭ︾ ᠦᠶ᠎ᠡ ᠶᠢ ᠬᠡᠯᠡᠨ᠎ᠡ᠃      8. ᠮᠦᠯᠬᠦᠭᠡ ᠨᠠᠰᠤ᠄ ᠠᠪᠤ ᠶᠢᠨ ᠭᠡᠷ ᠤᠨ ᠬᠤᠶᠢᠮᠤᠷ ᠢ ᠡᠪᠦᠳᠦᠭ ᠲᠤᠬᠤᠢ ᠪᠠᠷ ᠢᠶᠠᠨ ᠲᠤᠭᠤᠯᠬᠤ᠂ ᠢᠯᠢᠭᠡ ᠡᠯᠡᠭᠡᠬᠦ ᠬᠤᠭᠤᠴᠠᠭ᠎ᠠ ᠶᠢ ᠮᠦᠯᠬᠦᠭᠡ ᠨᠠᠰᠤ ᠭᠡᠨ᠎ᠡ᠃      9. ᠬᠦᠯ ᠳᠤ ᠣᠷᠤᠬᠤ ᠨᠠᠰᠤ᠄ ᠲᠡᠭᠰᠢ ᠭᠠᠵᠠᠷ ᠲᠤ ᠲᠡᠩᠴᠡᠨ᠂ ᠲᠠᠨᠳᠠᠷ ᠲᠣᠨᠳᠠᠷ ᠠᠯᠬᠤᠵᠤ ᠡᠬᠢᠯᠡᠬᠦ ᠦᠶ᠎ᠡ ᠶᠢ ᠬᠦᠯ ᠳᠤ ᠣᠷᠤᠬᠤ ᠨᠠᠰᠤ ᠭᠡᠨ᠎ᠡ᠃      10. ᠣᠶᠠᠯᠠᠭ᠎ᠠ ᠪᠠᠳᠤ ᠨᠠᠰᠤ᠄ ᠬᠦᠯ ᠳᠤ ᠣᠷᠤᠵᠤ ᠡᠬᠢᠯᠡᠭᠰᠡᠨ ᠳᠡᠭᠡᠨ ᠬᠦᠭᠡᠷᠦᠭᠰᠡᠨ ᠬᠡᠤᠬᠡᠳ᠂ ᠠᠪᠤ ᠡᠵᠢ  ᠶᠢᠨ ᠢᠶᠠᠨ ᠡᠵᠡᠭᠦᠢ ᠳᠤ ᠠᠶᠣᠯ ᠦᠷᠳᠦᠯᠦᠭᠡᠰᠤ ᠳᠤ ᠣᠷᠤᠬᠤ ᠠᠴᠠ ᠰᠡᠷᠭᠡᠶᠢᠯᠡᠬᠦ᠂ ᠪᠠᠷᠠᠭᠤᠨ ᠬᠤᠶᠢᠳᠤ ᠬᠠᠨᠠᠨ  ᠠᠴᠠ ᠡᠷ᠎ᠡ ᠰᠣᠷ ᠢᠶᠠᠷ ᠪᠠᠳᠣᠳᠠᠢ ᠣᠶᠠᠵᠤ ᠰᠣᠷᠭᠠᠳᠠᠭ ᠨᠠᠰᠤ ᠶᠢ ᠬᠡᠯᠡᠨ᠎ᠡ᠃ ︽ᠣᠶᠠᠭᠰᠠᠨ ᠬᠡᠤᠬᠡᠳ ᠣᠷᠳᠤ ᠨᠠᠰᠣᠯᠠᠳᠠᠭ︾ ᠭᠡᠰᠡᠨ ᠠᠮᠠᠨ ᠬᠡᠯᠡᠴᠡ ᠪᠤᠢ᠃     11. ᠬᠤᠷᠠᠭᠠᠴᠢᠨ ᠨᠠᠰᠤ᠄ ᠬᠤᠷᠠᠭ᠎ᠠ ᠲᠠᠢ ᠲᠤᠭᠯᠠᠬᠤ᠂ ᠬᠦᠭᠡᠨ᠎ᠡ ᠬᠤᠷᠠᠭ᠎ᠠ ᠢᠰᠢᠭᠡ ᠲᠠᠯᠪᠢᠬᠤ᠂ ᠭᠡᠷ ᠤᠨ ᠦᠢᠷ᠎ᠠ ᠵᠠᠭᠤᠷ᠎ᠠ ᠭᠠᠵᠠᠷ ᠲᠤ ᠬᠤᠷᠠᠭ᠎ᠠ ᠲᠠᠭᠤᠵᠤ ᠠᠪᠴᠢᠷᠠᠬᠤ ᠵᠡᠷᠭᠡ ᠪᠠᠷ ᠠᠪᠤ ᠡᠵᠢ ᠳᠡᠭᠡᠨ ᠭᠠᠷ ᠬᠦᠯ ᠪᠤᠯᠬᠤ ᠦᠶ᠎ᠡ ᠶᠢ ᠬᠤᠷᠠᠭᠠᠴᠢᠨ ᠨᠠᠰᠤ ᠭᠡᠨ᠎ᠡ᠃ ᠮᠤᠩᠭᠤᠯᠴᠣᠳ4 —5 ᠨᠠᠰᠤᠨ ᠤ ᠵᠢᠭᠠᠯ ᠲᠠᠢ ᠪᠤᠯᠪᠠᠯ ︽ᠲᠠᠨ ᠤ ᠭᠠᠶᠢᠭᠤᠢ ᠰᠠᠶᠢᠨ ᠬᠤᠷᠠᠭᠠᠴᠢᠨ ᠲᠠᠢ ᠪᠤᠯᠵᠡᠢ︾ ᠭᠡᠵᠤ ᠬᠡᠯᠡᠳᠡᠭ᠃      12. ᠲᠣᠭᠤᠯᠴᠢᠨ ᠨᠠᠰᠤ᠄ ᠵᠠᠯᠠᠨ ᠠᠴᠠ ᠲᠤᠭᠤᠯ ᠲᠠᠯᠪᠢᠬᠤ᠂ ᠦᠢᠷ᠎ᠠ ᠵᠠᠭᠤᠷ᠎ᠠ ᠡᠷᠭᠢᠬᠦᠯᠬᠦ ᠪᠤᠯᠤᠭᠰᠠᠨ ᠦᠶ᠎ᠡ ᠶᠢ ᠲᠤᠭᠤᠯᠴᠢᠨ ᠨᠠᠰᠤ ᠭᠡᠨ᠎ᠡ᠃ ᠡᠨᠡ ᠨᠢ5 —6 ᠨᠠᠰᠤ ᠭᠡᠰᠡᠨ ᠦᠭᠡ᠃      13. ᠪᠤᠳᠣᠭᠤᠴᠢᠨ ᠨᠠᠰᠤ᠄ ᠲᠡᠮᠡᠭᠡ ᠪᠤᠯ ᠣᠷᠳᠤ ᠬᠦᠯ ᠤᠨ ᠠᠮᠢᠳᠠᠨ᠃ ᠲᠣᠣᠱᠢ ᠵᠠᠮ ᠳᠤ ᠨᠢᠭᠡ ᠦᠷᠳᠡᠭᠡ ︵2 ᠺᠢᠯᠤᠮᠧᠲᠷ︶ ᠵᠠᠮ ᠲᠤᠭᠤᠯᠣᠨ᠎ᠠ᠃ ᠪᠤᠳᠣᠭᠤ ᠪᠠᠰᠠ ᠣᠳᠤᠮ ᠢᠶᠠᠨ ᠲᠠᠭᠤᠷᠢᠶᠠᠬᠤ ᠨᠢ ᠢᠯᠡᠷᠬᠡᠢ᠃ ᠭᠡᠷ ᠠᠴᠠ2 —4 ᠺᠢᠯᠤᠮᠧᠲᠷ ᠠᠯᠣᠰᠯᠠᠬᠤ ᠨᠢ ᠶᠡᠷᠦᠳᠡ ᠶᠢᠨ ᠦᠵᠡᠭᠳᠡᠯ᠃ ᠡᠶᠢᠮᠤ ᠲᠤᠬᠢᠶᠠᠯᠳᠣᠯ ᠳᠤ ᠪᠤᠳᠤᠭᠤ ᠪᠣᠴᠠᠭᠠᠬᠤ᠂ ᠢᠩᠭᠡ ᠣᠶᠢᠷᠠᠳᠣᠭᠤᠯᠬᠤ ᠪᠤᠯᠤᠭᠰᠠᠨ ᠬᠡᠤᠬᠡᠳ ᠢ ᠪᠤᠳᠤᠭᠤᠴᠢᠨ ᠨᠠᠰᠣᠨ ᠳᠤ ᠬᠦᠷᠴᠡᠢ ᠭᠡᠳᠡᠭ᠃ ᠪᠤᠳᠤᠭᠤᠴᠢᠨ ᠨᠠᠰᠤ ᠭᠡᠪᠡᠯ6 —8 ᠨᠠᠰᠤ ᠭᠡᠰᠡᠨ ᠦᠭᠡ᠃      14. ᠬᠤᠨᠢᠴᠢᠨ ᠨᠠᠰᠤ᠄ ᠵᠢᠯ ᠤᠨ ᠠᠯᠢ ᠴᠦ ᠣᠯᠠᠷᠢᠯ ᠳᠤ ᠰᠦᠷᠦᠭ ᠬᠠᠷᠢᠭᠤᠯᠬᠤ᠂ ᠲᠦᠯ ᠠᠪᠬᠤ᠂ ᠪᠡᠯᠴᠢᠭᠡᠷ ᠰᠢᠯᠢᠬᠦ ᠴᠡᠭᠡᠯ ᠳᠤ ᠬᠦᠷᠬᠦ ᠦᠶ᠎ᠡ ᠶᠢ ᠬᠤᠨᠢᠴᠢᠨ ᠨᠠᠰᠤ ᠭᠡᠨ᠎ᠡ᠃     15. ᠦᠭᠡᠯᠡᠢ ᠨᠠᠰᠤ᠄ ᠬᠡᠤᠬᠡᠳ ᠨᠠᠰᠤᠨ ᠤ ᠲᠠᠪᠠᠭᠠᠨ ᠲᠡᠭᠡᠷ᠎ᠡ ᠭᠠᠷᠴᠤ᠂ ᠬᠦᠮᠦᠨ ᠶᠣᠰᠤᠨ ᠤ ᠣᠪᠤᠭ᠎ᠠ ᠲᠤᠭᠤᠷᠢᠨ ᠣᠷᠴᠢᠯᠠᠩ ᠳᠤ ᠭᠤᠷᠢᠯᠠᠬᠤ ᠨᠠᠰᠤ ᠪᠤᠯ ᠦᠭᠡᠯᠡᠢ ︵ᠦᠰᠭᠡᠯ︶ ᠨᠠᠰᠤ ᠮᠥᠨ᠃ ᠦᠭᠡᠯᠡᠢ ᠨᠠᠰᠤ ᠪᠤᠯ ᠣᠷᠢ ᠵᠠᠯᠠᠭᠤ ᠨᠠᠰᠤᠨ ᠤ ᠰᠠᠭᠤᠷᠢ᠃12 —16 ᠨᠠᠰᠤ ᠪᠤᠯ ᠦᠭᠡᠯᠡᠢ ᠨᠠᠰᠤ ᠮᠥᠨ᠃      16. ᠠᠳᠣᠭᠤᠴᠢᠨ ᠨᠠᠰᠤ᠄ ᠦᠷᠯᠦᠭᠡ ᠶᠢᠨ ᠨᠠᠷᠠᠨ ᠠᠴᠠ ᠡᠮᠦᠨ᠎ᠡ ᠠᠳᠣᠭᠤ ᠬᠤᠷᠢᠶᠠᠬᠤ᠂ ᠡᠪᠦᠯ ᠤᠨ ᠰᠦᠨᠢ ᠠᠳᠣᠭᠤ ᠮᠠᠨᠠᠬᠤ ᠴᠡᠭᠡᠯ ᠳᠤ ᠬᠦᠷᠬᠦ ᠦᠶ᠎ᠡ ᠪᠤᠯ ᠠᠳᠣᠭᠤᠴᠢᠨ ᠨᠠᠰᠤ᠃ ᠡᠨᠡ ᠨᠢ ᠲᠤᠮᠳᠠᠴᠢ ᠪᠠᠷ17 ᠨᠠᠰᠤᠨ ᠠᠴᠠ ᠬᠤᠶᠢᠰᠢᠬᠢ ᠨᠠᠰᠤ ᠶᠤᠮ᠃      17. ᠡᠷᠢᠯᠴᠢᠨ ᠨᠠᠰᠤ᠄ ᠰᠣᠮᠣ ᠰᠣᠩᠭᠠᠵᠤ᠂ ᠠᠶᠢᠮᠠᠭ ᠠᠯᠭᠠᠰᠠᠵᠤ ᠠᠯᠳᠠᠭᠤᠯ ᠮᠠᠯ ᠬᠠᠶᠢᠬᠤ᠂ ᠠᠵᠢᠭᠴᠢ ᠰᠠᠶᠢᠨ ᠤ ᠬᠦᠴᠤ ᠪᠠᠷ ᠣᠯᠬᠤ ᠨᠠᠰᠤ ᠶᠢ ᠡᠷᠢᠯᠴᠢᠨ ᠨᠠᠰᠤ ᠭᠡᠨ᠎ᠡ᠃ ᠡᠷᠢᠯᠴᠢᠨ ᠨᠠᠰᠤ ᠪᠠᠷ ᠨᠢ ᠬᠡᠤᠬᠡᠳ ᠮᠠᠯ ᠣᠯᠬᠤ᠂ ᠡᠷᠳᠡᠮ ᠣᠯᠬᠤ ᠶᠢᠨ ᠠᠯᠢ ᠨᠢ ᠪᠤᠯᠬᠤ ᠶᠢ ᠰᠢᠨᠵᠢᠳᠡᠭ ᠡᠷᠳᠡᠨ ᠤ ᠶᠣᠰᠤᠨ ᠪᠤᠢ᠃ ᠡᠨᠡ ᠪᠤᠯ ᠡᠷ᠎ᠡ ᠬᠦᠮᠦᠨ ᠳᠤ ᠶᠠᠰᠣᠨ ᠴᠢᠮᠦᠭᠡ᠂ ᠡᠮᠡᠭᠳᠡᠢ ᠬᠦᠮᠦᠨ ᠳᠤ ᠴᠢᠰᠤᠨ ᠴᠡᠨᠡᠭ ᠪᠦᠷᠢᠳᠬᠦ18 ᠠᠴᠠ ᠬᠤᠶᠢᠰᠢᠬᠢ ᠨᠠᠰᠤ ᠪᠤᠯᠤᠨ᠎ᠠ᠃     18. ᠣᠷᠢ ᠵᠠᠯᠠᠭᠤ ᠨᠠᠰᠤ᠄ ᠪᠡᠶ᠎ᠡ᠂ ᠣᠶᠤᠨ᠂ ᠦᠩᠭᠡ ᠵᠢᠰᠤ᠂ ᠴᠤᠭ ᠵᠢᠪᠬᠤᠭ᠎ᠠ᠂ ᠡᠷᠴᠢᠮ ᠠᠪᠬᠠᠯᠵᠢ᠂ ᠬᠦᠷᠳᠤ ᠬᠦᠴᠤ ᠵᠠᠭᠰᠠᠬᠤ ᠡᠨᠡ ᠰᠠᠶᠢᠬᠠᠨ ᠦᠶ᠎ᠡ ᠶᠢ ᠵᠠᠯᠠᠭᠤ ᠨᠠᠰᠤ ᠭᠡᠨ᠎ᠡ᠃ ᠮᠤᠩᠭᠤᠯ ᠣᠯᠠᠮᠵᠢᠯᠠᠯᠳᠤ ᠶᠣᠰᠤᠨ  ᠳᠤ ᠵᠢᠪᠬᠤᠯᠠᠩ ᠦᠵᠡᠮᠵᠢ ᠵᠠᠭᠰᠠᠬᠤ᠂ ᠵᠢᠷᠭᠠᠯ ᠴᠡᠩᠭᠡᠯ ᠲᠡᠭᠰᠢᠷᠡᠭᠦ25 —35 ᠨᠠᠰᠤ ᠶᠢ ᠵᠠᠯᠠᠭᠤ ᠨᠠᠰᠤ ᠭᠡᠨ᠎ᠡ᠃      19. ᠢᠳᠡᠷ ᠨᠠᠰᠤ᠄ ᠵᠠᠯᠠᠭᠤ ᠨᠠᠰᠤᠨ ᠤ ᠣᠷᠭᠢᠯ ᠦᠶ᠎ᠡ᠃ ᠢᠳᠡᠷ ᠨᠠᠰᠤ ᠪᠤᠯ35 —45 ᠨᠠᠰᠤ ᠮᠥᠨ᠃      20. ᠬᠢᠵᠢᠶᠡᠯ ᠨᠠᠰᠤ᠄ ᠣᠯᠠᠷᠢᠯ ᠤᠨ ᠪᠤᠯ ᠨᠠᠮᠣᠷ᠂ ᠨᠠᠷᠠᠨ ᠤ ᠪᠤᠯ ᠦᠳᠡ ᠲᠤᠮᠳᠠ ᠠᠴᠠ ᠬᠠᠵᠠᠶᠢᠭᠰᠠᠨ ᠦᠶ᠎ᠡ ᠲᠠᠢ ᠵᠦᠢᠷᠯᠡᠮ᠎ᠡ ᠨᠠᠰᠤ ᠶᠢ ᠬᠢᠵᠢᠶᠡᠯ ᠨᠠᠰᠤ ᠭᠡᠨ᠎ᠡ᠃ ᠡᠨᠡ ᠨᠢ ᠲᠠᠪᠢ᠂ ᠲᠡᠭᠦᠨ ᠠᠴᠠ ᠮᠤᠯᠳᠣᠷᠠᠵᠤ ᠪᠤᠢ ᠨᠠᠰᠤ ᠭᠡᠬᠦ ᠣᠳᠬ᠎ᠠ ᠲᠠᠢ᠃       21. ᠦᠨᠳᠦᠷ ᠨᠠᠰᠤ᠄ ᠠᠷᠢᠭ ᠪᠤᠶᠠᠨ ᠢᠶᠠᠨ ᠡᠳ᠋ᠯᠡᠵᠤ᠂ ᠠᠴᠢ ᠭᠤᠴᠢ ᠳᠠᠭᠠᠨ ᠬᠦᠨᠳᠦᠯᠡᠭᠳᠡᠨ ᠪᠤᠢ ᠨᠠᠰᠤ  ᠶᠢ ᠦᠨᠳᠦᠷ ᠨᠠᠰᠣᠳᠠᠨ ᠭᠡᠳᠡᠭ᠃ ᠡᠨᠡ ᠪᠤᠯ60 ᠠᠴᠠ ᠲᠡᠭᠡᠭᠰᠢᠬᠢ ᠨᠠᠰᠤ ᠪᠤᠯᠤᠨ᠎ᠠ᠃      22. ᠶᠡᠭᠡ ᠨᠠᠰᠤ᠄ ᠨᠠᠶᠠ ᠠᠴᠠ ᠲᠡᠭᠡᠭᠰᠢ ᠵᠢᠯ ᠨᠠᠭᠠᠳᠤᠮ ᠦᠵᠡᠵᠤ ᠶᠠᠪᠤᠭ᠎ᠠ ᠪᠣᠶᠠᠨᠳᠠᠢ ᠪᠤᠭᠤᠷᠤᠯ ᠤᠳ  ᠢᠶᠠᠨ ᠶᠡᠭᠡ ᠨᠠᠰᠣᠳᠠᠨ ᠭᠡᠳᠡᠭ᠃      23. ᠲᠣᠷᠠᠭᠷᠤᠤ ᠨᠠᠰᠤ᠄80 ᠠᠴᠠ ᠲᠡᠭᠡᠭᠰᠢ ᠨᠠᠰᠣᠳᠠᠢ᠂ ᠪᠡᠶ᠎ᠡ ᠨᠢ ᠡᠳᠦᠷ ᠠᠴᠠ ᠡᠳᠦᠷ ᠲᠤᠷᠤᠶᠢᠳᠠᠨ ᠪᠤᠢ ᠬᠦᠭᠰᠢᠳ ᠢ ᠨᠠᠰᠤᠨ ᠲᠤᠷᠬᠠᠷᠤᠤ ᠪᠤᠯᠵᠡᠢ ᠬᠡᠮᠡᠨ᠎ᠡ᠃      24. ᠮᠤᠶᠢᠬᠤ ᠨᠠᠰᠤ᠄ ᠶᠡᠷᠡ᠂ ᠵᠠᠭᠤ᠂ ᠲᠡᠭᠦᠨ ᠠᠴᠠ ᠲᠡᠭᠡᠭᠰᠢ ᠨᠠᠰᠣᠯᠠᠵᠤ ᠤᠢ ᠲᠣᠢ ᠨᠢ ᠰᠣᠯᠠᠳᠠᠭᠠᠳ ᠬᠦᠯ ᠳᠤ ᠣᠷᠤᠵᠤ ᠪᠤᠢ ᠬᠡᠤᠬᠡᠳ᠂ ᠬᠡᠯᠡ ᠳᠤ ᠣᠷᠤᠵᠤ ᠪᠤᠢ ᠵᠢᠭᠠᠯ ᠰᠢᠭ᠋ ᠰᠠᠪᠠᠭ᠎ᠠ ᠦᠭᠡᠶᠢᠳᠡᠨ᠂ ᠦᠯᠦᠭᠡᠶᠢᠳᠡᠭᠦᠯᠬᠦ ᠠᠴᠠ ᠨᠠᠭᠠᠭᠤᠷ ᠠᠰᠠᠷᠠᠭᠤᠯᠬᠤ ᠦᠶ᠎ᠡ ᠶᠢ ᠮᠤᠶᠢᠬᠤ ᠨᠠᠰᠤ ᠭᠡᠨ᠎ᠡ᠃ ᠪᠠᠰᠠ ᠵᠦᠨᠦᠬᠦ ᠨᠠᠰᠤ ᠴᠦ ᠭᠡᠳᠡᠭ᠃      25. ᠨᠠᠷᠠᠳᠤ ᠠᠴᠠ ᠪᠣᠴᠠᠬᠤ ᠨᠠᠰᠤ᠄ ᠣᠷᠴᠢᠯᠠᠩ ᠤᠨ ᠮᠦᠩᠭᠡ ᠵᠠᠮ ᠠᠴᠠ ᠬᠡᠨ ᠴᠦ ᠪᠤᠯᠳᠠᠵᠤ ᠦᠯᠣ ᠴᠢᠳᠠᠨ᠎ᠠ᠃ ᠲᠡᠶᠢᠨᠬᠦ ᠪᠠᠭᠤᠵᠤ ᠦᠳᠡᠯᠡᠬᠦ ᠬᠤᠷᠸ᠎ᠠ ᠠᠴᠠ ᠡᠭᠡᠬᠦ ᠵᠢᠯ ᠢ ᠨᠠᠷᠠᠳᠤ ᠠᠴᠠ ᠪᠣᠴᠠᠬᠤ ᠨᠠᠰᠤ ᠭᠡᠨ᠎ᠡ᠃      ᠰᠣᠨᠢᠷᠬᠠᠯᠳᠠᠢ ᠪᠠᠶᠢᠭ᠎ᠠ ᠪᠢᠵᠠ᠂ ᠬᠦᠮᠦᠨ ᠭᠡᠭᠴᠢ ︽ᠨᠠᠰᠤ ᠪᠠᠷ ᠢᠶᠠᠨ ᠰᠣᠷᠴᠤ᠂ ᠨᠠᠮᠣᠷ ᠢᠶᠠᠷ ᠬᠦᠷᠦᠩᠰᠢᠨ᠎ᠡ ︾ ᠭᠡᠳᠡᠭ᠂ ᠬᠦᠮᠦᠨ ᠤ ᠨᠢᠭᠡ ᠨᠠᠰᠤᠨ ᠳᠤ ᠰᠣᠶᠤᠯ ᠰᠣᠷᠭᠠᠯ᠂ ᠲᠦᠷᠢᠮ ᠶᠤᠰᠤ ᠭᠦᠨ᠎ᠡ ᠬᠠᠳᠠᠭᠠᠯᠠᠭᠳᠠᠭᠰᠠᠨ ᠨᠢ ᠶᠠᠭᠤᠳᠠᠢ ᠭᠠᠶᠢᠬᠠᠮᠰᠢᠭ ᠠᠵᠡᠢ᠃ᠵᠤᠬᠢᠶᠠᠭᠴᠢ᠄ ᠳ᠋᠊᠂ ᠰᠡᠷᠭᠦᠯᠡᠩ
 
ᠢᠷᠡᠯᠲᠡ᠄ ᠮᠤᠩᠭᠤᠯ ᠰᠤᠷᠠᠭ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号