ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠰᠢᠢᠳᠪᠦᠷᠢᠲᠦ ᠳᠠᠶᠢᠯᠠᠯᠳᠤᠭᠠᠨ  ᠪᠡᠶ᠎ᠡ ᠵᠡᠮᠳᠡᠭ ᠵᠤᠷᠢᠭ ᠬᠠᠳᠠᠭᠤ ᠸᠠᠩ ᠯᠢ ᠹᠧᠨ
ᠨᠡᠶᠢᠲᠡᠯᠡᠭᠰᠡᠨ ᠴᠠᠭ᠄
2020/12/3
     ᠸᠠᠩ ᠯᠢ ᠹᠧᠨ᠂ ᠡᠮᠡᠭᠲᠡᠶ᠂ ᠬᠠᠷᠠᠭᠠᠨ ᠤ ᠨᠢᠭᠡᠳᠦᠭᠡᠷ ᠳᠡᠰ ᠤᠨ ᠵᠡᠮᠳᠡᠭ᠂ ᠪᠠᠭᠤᠷᠠᠶ ᠬᠥᠳᠡᠯᠮᠦᠷᠢᠯᠡᠬᠦ  ᠴᠢᠳᠠᠪᠦᠷᠢ ᠲᠠᠢ︔ ᠡᠷ᠎ᠡ ᠨᠥᠬᠦᠷ ᠯᠢ ᠹᠧᠩ ᠵᠢᠶᠦ᠋ᠨ ᠤ ᠬᠠᠷᠠᠭ᠎ᠠ ᠨᠢ ᠭᠤᠷᠪᠠᠨ ᠳᠡᠰ ᠤᠨ ᠵᠡᠮᠳᠡᠭ ᠪᠠᠶᠢᠵᠤ᠂ ᠦᠵᠦᠮ ᠤᠨ ᠬᠦᠷᠢᠶᠡᠯᠡᠩ ᠳᠤ ᠠᠷᠰᠠᠷ ᠠᠵᠢᠯ ᠬᠢᠵᠦ ᠪᠠᠶᠢᠨ᠎ᠠ︔ ᠥᠬᠢᠨ ᠯᠢ ᠵᠢᠩ ᠥᠨᠳᠥᠷ ᠳᠤᠮᠳᠠᠳᠤ ᠳᠤ ᠰᠤᠷᠤᠯᠴᠠᠵᠤ᠂ ᠭᠤᠷᠪᠠᠨ ᠬᠥᠮᠦᠨ ᠨᠠᠭᠠᠳᠤ ᠵᠠᠬ᠎ᠠ ᠶᠢᠨ ᠪᠠᠲᠤᠯᠭᠠᠨ ᠤ ᠮᠥᠩᠭᠦ ᠪᠣᠯᠤᠨ ᠯᠢ ᠹᠧᠩ ᠵᠢᠶᠦ᠋ᠨ ᠰᠤᠯᠠ ᠠᠵᠢᠯ ᠬᠢᠵᠦ ᠠᠮᠢᠳᠤᠷᠠᠯ ᠢᠶᠠᠨ ᠠᠷᠭᠠᠴᠠᠭᠠᠵᠤ᠂ ᠭᠡᠷ ᠪᠦᠯᠢ ᠨᠢ ᠬᠡᠳᠦ᠋ᠢᠪᠡᠷ ᠪᠠᠶᠠᠨ ᠴᠢᠨᠡᠭᠡᠯᠢᠭ ᠪᠢᠰᠢ ᠪᠣᠯᠪᠠᠴᠤ ᠭᠡᠲᠡᠯ᠎ᠡ ᠲᠡᠷᠡ ᠶᠡᠷᠦ ᠠᠴᠠ ᠴᠢᠷᠮᠠᠶᠢᠨ ᠲᠡᠮᠡᠴᠡᠬᠦ ᠪᠠ ᠲᠡᠮᠡᠴᠡᠬᠦ ᠪᠠᠨ ᠲᠠᠶᠠᠭᠳᠠᠭᠰᠠᠨ ᠦᠭᠡᠢ᠃
     2018 ᠣᠨ ᠳᠤ ᠶᠠᠳᠠᠭᠤ ᠶᠢ ᠲᠡᠳᠬᠦᠬᠦ ᠺᠠᠳ᠋ᠷ ᠸᠠᠩ ᠯᠢ ᠹᠧᠨ ᠢ ᠳᠠᠭᠠᠭᠤᠯᠤᠨ ᠦᠬᠠᠶ ᠬᠤᠲᠠ ᠶᠢᠨ ᠨᠢᠭᠡᠳᠦᠭᠡᠷ ᠬᠤᠭᠤᠴᠠᠭᠠᠨ ᠤ ᠰᠣᠬᠤᠷ ᠬᠥᠮᠦᠨ ᠤ ᠢᠯᠢᠵᠦ ᠨᠤᠬᠤᠯᠠᠬᠤ ᠪᠣᠯᠪᠠᠰᠤᠷᠠᠯ ᠳᠤ ᠣᠷᠣᠯᠴᠠᠵᠤ᠂ ᠲᠡᠷᠡ ᠤᠳᠠᠭᠠᠨ ᠤ ᠢᠯᠢᠵᠦ ᠨᠤᠬᠤᠯᠠᠬᠤ ᠪᠣᠯᠪᠠᠰᠤᠷᠠᠯ ᠳᠠᠭᠤᠰᠤᠭᠰᠠᠨ ᠤ ᠳᠠᠷᠠᠭ᠎ᠠ᠂ ᠶᠠᠳᠠᠭᠤ ᠶᠢ ᠲᠡᠳᠬᠦᠬᠦ ᠺᠠᠳ᠋ᠷ ᠸᠠᠩ ᠯᠢ ᠹᠧᠨ ᠢ ᠰᠣᠬᠤᠷᠴᠤᠳ ᠤᠨ ᠢᠯᠢᠬᠦ ᠭᠠᠵᠠᠷ ᠲᠤ ᠣᠴᠢᠵᠤ ᠳᠠᠳᠤᠯᠭ᠎ᠠ ᠬᠢᠭᠰᠡᠨ ᠪᠥᠭᠡᠳ ᠠᠵᠢᠯ ᠣᠯᠬᠤ ᠭᠡᠷ᠎ᠡ ᠲᠣᠭᠲᠠᠵᠠᠶ᠃ ᠸᠠᠩ ᠯᠢ ᠹᠧᠨ ᠥᠪᠡᠷ ᠤᠨ ᠬᠤᠶᠠᠷ ᠭᠠᠷ ᠢᠶᠠᠷ ᠢᠶᠠᠨ ᠥᠪᠡᠷ ᠤᠨ ᠭᠡᠷ ᠪᠦᠯᠢ ᠳᠡᠭᠡᠨ ᠵᠣᠯ ᠵᠢᠷᠭᠠᠯ ᠤᠨ ᠡᠭᠦᠳᠡ ᠨᠡᠭᠡᠭᠡᠵᠦ ᠥᠭᠴᠦ᠂ ᠥᠬᠢᠨ ᠳᠡᠭᠡᠨ ᠴᠦ ᠦᠯᠢᠭᠡᠷ ᠳᠠᠭᠤᠷᠢᠶᠠᠯ ᠪᠣᠯᠪᠠ᠃ ᠲᠡᠭᠦᠨ ᠤ ᠪᠡᠶ᠎ᠡ ᠳᠡᠭᠡᠷ᠎ᠡ ᠠᠴᠠ ᠪᠢᠳᠡ ᠪᠠᠶᠠᠰᠤᠩᠭᠤᠶ᠂ ᠢᠲᠡᠭᠡᠯ ᠲᠠᠢ ᠬᠦᠴᠦᠨ ᠢ ᠣᠯᠵᠤ ᠦᠵᠡᠪᠡ᠃    
 
ᠢᠷᠡᠯᠲᠡ᠄ ᠤᠳᠠ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号