12 ᠰᠠᠷ᠎ᠠ ᠶᠢᠨ 8 ᠤ ᠡᠳᠦᠷ᠂ ᠤᠳᠠ ᠲᠣᠭᠤᠷᠢᠭ ᠤᠨ ᠪᠠᠶᠢᠭᠤᠯᠭ᠎ᠠ ᠶᠢᠨ ᠠᠵᠢᠯ ᠤᠨ ᠬᠤᠷᠢᠶ᠎ᠡ | ᠪᠠᠶᠢᠭᠤᠯᠤᠭᠳᠠᠭᠰᠠᠨ 30 ᠵᠢᠯ ᠤᠨ ᠤᠢ ᠶᠢ ᠳᠤᠷᠠᠰᠬᠠᠬᠤ ᠶᠠᠷᠢᠯᠴᠠᠬᠤ ᠬᠤᠷᠠᠯ ᠬᠤᠷᠠᠯᠳᠤᠭᠤᠯᠪᠠ᠃ ᠬᠤᠲᠠ ᠶᠢᠨ | ᠪᠠᠶᠢᠭᠤᠯᠭ᠎ᠠ ᠶᠢᠨ ᠠᠵᠢᠯ ᠤᠨ ᠬᠤᠷᠢᠶᠠᠨ ᠤ ᠪᠠᠶᠢᠩᠭᠤ ᠶᠢᠨ ᠳᠡᠳ᠋ ᠡᠷᠬᠢᠯᠡᠭᠴᠢ ᠯᠠᠨ ᠢᠦᠶ᠂ ᠰᠥᠩ ᠸᠠᠨ ᠴᠢᠶᠠᠩ᠂ | ᠲᠣᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠣᠬᠢᠶᠠᠨ ᠪᠠᠶᠢᠭᠤᠯᠬᠤ ᠬᠡᠯᠲᠡᠰ ᠤᠨ ᠳᠠᠷᠤᠭ᠎ᠠ᠂ | ᠲᠣᠭᠤᠷᠢᠭ ᠤᠨ ᠪᠣᠭᠤᠮᠲᠠ ᠶᠢᠨ ᠠᠵᠢᠯ ᠤᠨ ᠵᠥᠪᠯᠡᠯ ᠤᠨ ᠨᠡᠷ᠎ᠡ ᠬᠦᠨᠳᠦᠲᠦ ᠡᠷᠬᠢᠯᠡᠭᠴᠢ ᠨᠢᠦ ᠵᠢᠶᠠᠨ ᠬᠤᠸᠠ᠂ | ᠵᠠᠰᠠᠭ ᠤᠨ ᠣᠷᠳᠣᠨ ᠤ ᠳᠡᠳ᠋ ᠳᠠᠷᠤᠭ᠎ᠠ᠂ ᠲᠣᠭᠤᠷᠢᠭ ᠤᠨ ᠪᠣᠭᠤᠮᠲᠠ ᠶᠢᠨ ᠠᠵᠢᠯ ᠤᠨ ᠵᠥᠪᠯᠡᠯ ᠤᠨ ᠡᠷᠬᠢᠯᠡᠭᠴᠢ | ᠯᠢᠦ ᠨᠠᠷᠠᠨ ᠪᠣᠯᠤᠨ ᠬᠤᠲᠠ᠂ ᠲᠣᠭᠤᠷᠢᠭ ᠤᠨ ᠬᠤᠶᠠᠷ ᠱᠠᠲᠤᠨ ᠤ ᠪᠠᠶᠢᠭᠤᠯᠭ᠎ᠠ ᠶᠢᠨ ᠠᠵᠢᠯ ᠤᠨ ᠬᠤᠷᠢᠶᠠᠨ ᠤ | ᠬᠠᠮᠢᠶ᠎ᠠ ᠪᠥᠬᠦᠶ ᠤᠳᠤᠷᠢᠳᠤᠯᠭ᠎ᠠ ᠬᠤᠷᠠᠯ ᠳᠤ ᠣᠷᠣᠯᠴᠠᠵᠠᠶ᠃ | | ᠶᠠᠷᠢᠯᠴᠠᠬᠤ ᠬᠤᠷᠠᠯ ᠠᠴᠠ 30 ᠵᠢᠯ ᠤᠨ ᠲᠤᠷᠰᠢᠬᠢ ᠣᠯᠤᠭᠰᠠᠨ ᠠᠮᠵᠢᠯᠲᠠ ᠪᠠᠨ ᠡᠷᠭᠢᠴᠡᠭᠦᠯᠦᠨ ᠳ᠋ᠦᠩᠨᠡᠵᠦ᠂ | ᠬᠤᠶᠢᠰᠢᠳᠠ ᠶᠢᠨ ᠬᠠᠷᠠᠯᠲᠠ ᠡᠭᠦᠷᠭᠡ ᠪᠠᠨ ᠲᠣᠳᠣᠷᠬᠠᠶᠢᠯᠠᠪᠠ᠃ ᠣᠶᠢᠯᠠᠭᠠᠭᠰᠠᠨ ᠢᠶᠠᠷ᠂ ᠤᠳᠠ ᠲᠣᠭᠤᠷᠢᠭ ᠤᠨ | ᠪᠠᠶᠢᠭᠤᠯᠭ᠎ᠠ ᠶᠢᠨ ᠠᠵᠢᠯ ᠤᠨ ᠬᠤᠷᠢᠶ᠎ᠡ ᠲᠣᠭᠤᠷᠢᠭ ᠤᠨ ᠵᠠᠰᠠᠭ ᠤᠨ ᠣᠷᠳᠣᠨ ᠤ ᠤᠳᠤᠷᠢᠳᠤᠯᠭ᠎ᠠ ᠪᠣᠯᠤᠨ ᠦᠬᠠᠢ | ᠬᠤᠲᠠ ᠶᠢᠨ ᠪᠠᠶᠢᠭᠤᠯᠭ᠎ᠠ ᠶᠢᠨ ᠠᠵᠢᠯ ᠤᠨ ᠬᠤᠷᠢᠶᠠᠨ ᠤ ᠵᠢᠯᠤᠭᠤᠳᠤᠯᠭ᠎ᠠ ᠳᠣᠣᠷ᠎ᠠ᠂ ᠲᠣᠭᠤᠷᠢᠭ ᠤᠨ | ᠪᠠᠶᠢᠭᠤᠯᠭ᠎ᠠ ᠶᠢᠨ ᠠᠵᠢᠯ ᠤᠨ ᠬᠤᠷᠢᠶ᠎ᠡ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠪᠠᠲᠤ ᠰᠠᠬᠢᠵᠤ᠂ ᠬᠦᠨᠳᠦ | ᠨᠠᠶᠢᠳᠠᠯᠭ᠎ᠠ ᠶᠢ ᠪᠠᠲᠤ ᠴᠡᠭᠡᠵᠢᠯᠡᠪᠡ᠃ ᠶᠣᠰᠣ ᠰᠤᠷᠲᠠᠬᠤᠨ ᠢ ᠪᠤᠢ ᠪᠣᠯᠭᠠᠨ ᠬᠥᠮᠦᠨ ᠢ ᠬᠥᠮᠦᠵᠢᠭᠦᠯᠬᠦ᠂ ᠪᠠᠭᠤᠷᠠᠶ ᠶᠢ | ᠬᠠᠪᠰᠤᠷᠤᠨ ᠬᠦᠴᠢᠷᠳᠡᠯᠲᠡᠶ ᠶᠢ ᠬᠠᠪᠰᠤᠷᠬᠤ᠂ ᠦᠨᠳᠦᠰᠦ ᠶᠢ ᠪᠠᠲᠤᠳᠬᠠᠨ ᠰᠠᠭᠤᠷᠢ ᠶᠢ ᠪᠠᠬᠢᠵᠢᠭᠦᠯᠬᠦ ᠪᠠᠷ | ᠭᠤᠣᠯᠳᠠᠯᠭ᠎ᠠ ᠪᠣᠯᠭᠠᠬᠤ ᠶᠢ ᠪᠠᠷᠢᠮᠲᠠᠯᠠᠵᠤ᠂ ᠵᠠᠯᠠᠭᠤᠴᠤᠳ ᠪᠠᠭᠠᠴᠤᠳ ᠤᠨ ᠦᠵᠡᠯ ᠰᠠᠨᠠᠭ᠎ᠠ ᠶᠣᠰᠣ ᠮᠣᠷᠠᠯ ᠤᠨ | ᠬᠥᠮᠦᠵᠢᠯ ᠢ ᠦᠷᠭᠦᠯᠵᠢᠯᠡᠨ ᠰᠠᠶᠢᠲᠤᠷ ᠠᠳᠬᠤᠵᠤ᠂ ᠰᠤᠷᠤᠯᠭ᠎ᠠ ᠶᠢ ᠲᠡᠳᠬᠦᠬᠦ᠂ ᠪᠠᠭᠤᠷᠠᠶ ᠶᠢ ᠲᠡᠳᠬᠦᠬᠦ᠂ | ᠬᠦᠴᠢᠷᠳᠡᠯᠲᠡᠶ ᠶᠢ ᠲᠡᠳᠬᠦᠬᠦ᠂ ᠵᠡᠮᠳᠡᠭᠴᠦᠳ ᠢ ᠲᠤᠰᠠᠯᠠᠬᠤ᠂ ᠠᠵᠢᠯ ᠦᠢᠯᠡᠰ ᠢ ᠲᠤᠰᠠᠯᠠᠬᠤ ᠤᠨᠴᠠᠯᠢᠭᠳᠤ ᠬᠠᠶᠢᠷ᠎ᠠ | ᠬᠠᠯᠠᠮᠵᠢ ᠪᠠ ᠬᠠᠶᠢᠷ᠎ᠠ ᠬᠠᠯᠠᠮᠵᠢ ᠪᠠᠷ ᠬᠠᠪᠰᠤᠷᠤᠨ ᠰᠤᠷᠭᠠᠬᠤ ᠠᠵᠢᠯᠯᠠᠭ᠎ᠠ ᠶᠢ ᠨᠠᠷᠢᠨ ᠨᠢᠮᠪᠠᠶ ᠵᠣᠬᠢᠶᠠᠨ ᠪᠠᠶᠢᠭᠤᠯᠤᠨ | ᠥᠷᠨᠢᠭᠦᠯᠵᠦ᠂ ᠵᠠᠯᠠᠭᠤᠴᠤᠳ ᠪᠠᠭᠠᠴᠤᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠠᠬᠢᠭᠤᠯᠬᠤ ᠳᠤ ᠢᠳᠡᠪᠬᠢᠲᠡᠶ | ᠬᠤᠪᠢ ᠨᠡᠮᠡᠷᠢ ᠦᠵᠡᠭᠦᠯᠵᠦ᠂ ᠤᠯᠠᠨ ᠤᠳᠠᠭ᠎ᠠ ᠰᠢᠯᠢᠳᠡᠭ ᠠᠮᠵᠢᠯᠲᠠ ᠪᠦᠲᠦᠮᠵᠢ ᠤᠯᠪᠠ᠃ ᠣᠳᠣᠬᠠᠨ ᠪᠣᠯᠲᠠᠯ᠎ᠠ᠂ | ᠲᠤᠭᠤᠷᠢᠭ ᠤᠨ ᠪᠠᠶᠢᠭᠤᠯᠭ᠎ᠠ ᠶᠢᠨ ᠠᠵᠢᠯ ᠤᠨ ᠬᠤᠷᠢᠶ᠎ᠡ ᠪᠦᠬᠦ ᠤᠯᠤᠰ ᠤᠨ ᠳᠠᠷᠠᠭᠠᠴᠢ ᠶᠢᠨ ᠨᠢᠭᠡ ᠦᠶ᠎ᠡ ᠶᠢᠨ ᠬᠢᠨ ᠢ | ᠬᠠᠯᠠᠮᠵᠢᠯᠠᠵᠤ ᠪᠠᠶᠢᠭ᠎ᠠ ᠠᠵᠢᠯ ᠤᠨ ᠲᠡᠷᠢᠭᠦᠨ ᠤ ᠬᠠᠮᠲᠤ 15 ᠤᠳᠠᠭ᠎ᠠ᠂ ᠲᠡᠷᠢᠭᠦᠨ ᠤ ᠬᠤᠪᠢ ᠬᠥᠮᠦᠨ 15 | ᠤᠳᠠᠭ᠎ᠠ᠂ ᠪᠦᠬᠦ ᠤᠯᠤᠰ ᠤᠨ ︽ᠳᠤᠮᠳᠠᠳᠤ ᠶᠢᠨ ᠰᠦᠭ ᠰᠦᠨᠡᠰᠦ︾ ᠨᠣᠮ ᠤᠩᠰᠢᠭᠰᠠᠨ ᠲᠡᠷᠢᠭᠦᠨ ᠤ ᠬᠠᠮᠲᠤ ᠶᠢᠨ | ᠢᠷᠠᠭᠤ ᠠᠯᠳᠠᠷ 9 ᠤᠳᠠᠭ᠎ᠠ ᠵᠡᠷᠭᠡ ᠤᠯᠠᠨ ᠵᠦᠢᠯ ᠤᠨ ᠢᠷᠠᠭᠤ ᠠᠯᠳᠠᠷ ᠢ ᠬᠦᠷᠳᠡᠪᠡ᠃ |