ᠤᠳᠠ ᠲᠣᠭᠤᠷᠢᠭ ᠤᠨ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠬᠤᠶᠠᠳᠤᠭᠠᠷ ᠤᠳᠠᠭᠠᠨ ᠤ ᠬᠡᠰᠢᠭᠦᠳ ᠤᠨ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2021/9/13
     9 ᠰᠠᠷ᠎ᠠ ᠶᠢᠨ 13 ᠤ ᠦᠳᠡ ᠶᠢᠨ ᠡᠮᠦᠨ᠎ᠡ᠂ ᠤᠳᠠ ᠲᠣᠭᠤᠷᠢᠭ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠤᠨ ᠬᠤᠶᠠᠳᠤᠭᠠᠷ  ᠤᠳᠠᠭᠠᠨ ᠤ ᠬᠡᠰᠢᠭᠦᠳ ᠤᠨ ᠲᠦᠯᠦᠭᠡᠯᠡᠭᠴᠢᠳ ᠤᠨ ᠶᠡᠭᠡ ᠬᠤᠷᠠᠯ ᠬᠤᠷᠠᠯᠳᠤᠭᠤᠯᠪᠠ ᠃ ᠬᠤᠳᠠ ᠶᠢᠨ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠪᠠᠶᠢᠩᠭᠤ ᠶᠢᠨ ᠳᠡᠳ᠋ ᠳᠠᠷᠤᠭ᠎ᠠ ᠦ᠋ ᠹᠧᠩ ᠷᠦᠩ ᠬᠤᠷᠠᠯ ᠳᠤ ᠣᠷᠣᠯᠴᠠᠨ ᠵᠢᠭᠠᠨ ᠵᠢᠯᠣᠭᠤᠳᠴᠤ᠂ ᠲᠣᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠤ ᠱᠦᠵᠢ ᠯᠢ ᠺᠠᠢ ᠬᠤᠷᠠᠯ ᠳᠤ ᠣᠷᠣᠯᠴᠠᠵᠤ ᠶᠠᠷᠢᠶ᠎ᠠ ᠲᠠᠯᠪᠢᠵᠠᠢ᠃ ᠲᠣᠭᠤᠷᠢᠭ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ ᠯᠢᠦ ᠨᠠᠷᠠᠨ ᠬᠤᠷᠠᠯ ᠢ ᠡᠷᠭᠢᠯᠡᠵᠦ᠂ ᠲᠣᠭᠤᠷᠢᠭ ᠤᠨ ᠤᠳᠤᠷᠢᠳᠤᠯᠭ᠎ᠠ ᠴᠠᠩ ᠢᠦᠶ ᠭᠠᠩ᠂ ᠷᠧᠨ ᠷᠦᠢ ᠹᠠᠩ ᠵᠢᠴᠢ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠬᠠᠮᠢᠶ᠎ᠠ ᠪᠥᠬᠦᠶ ᠬᠠᠷᠢᠭᠤᠴᠠᠯᠭᠠᠲᠠᠨ ᠬᠤᠷᠠᠯ ᠳᠤ ᠣᠷᠣᠯᠴᠠᠵᠠᠶ᠃
     ᠶᠡᠭᠡ ᠬᠤᠷᠠᠯ ᠠᠴᠠ ᠤᠳᠠ ᠲᠣᠭᠤᠷᠢᠭ ᠤᠨ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠤᠨ ᠠᠩᠬᠠᠳᠤᠭᠠᠷ ᠬᠤᠭᠤᠴᠠᠭᠠᠨ ᠤ ᠬᠡᠷᠡᠭ ᠡᠷᠬᠢᠯᠡᠭᠴᠢᠳ ᠤᠨ ᠬᠤᠷᠠᠯ ᠤᠨ ᠠᠵᠢᠯ ᠤᠨ ᠮᠡᠳᠡᠭᠦᠯᠦᠯᠲᠡ ᠶᠢ ᠰᠣᠨᠣᠰᠴᠤ᠂ ᠲᠡᠷᠢᠭᠦᠨ ᠤ ᠬᠠᠮᠲᠤ᠂ ᠲᠡᠷᠢᠭᠦᠨ ᠤ ᠬᠤᠪᠢ ᠬᠥᠮᠦᠨ᠂ ᠰᠢᠯᠢᠳᠡᠭ ᠰᠠᠶᠢᠨ ᠳᠤᠷ᠎ᠠ ᠶᠢᠨ ᠠᠵᠢᠯᠯᠠᠭᠴᠢ ᠵᠡᠷᠭᠡ ᠶᠢ ᠬᠥᠬᠢᠭᠦᠯᠦᠨ ᠰᠠᠶᠢᠰᠢᠶᠠᠵᠤ᠂ ᠰᠢᠨ᠎ᠡ ᠨᠢᠭᠡ ᠬᠤᠭᠤᠴᠠᠭᠠᠨ ᠤ ᠬᠡᠷᠡᠭ ᠡᠷᠬᠢᠯᠡᠭᠴᠢᠳ ᠤᠨ ᠬᠤᠷᠠᠯ᠂ ᠬᠢᠨᠠᠭᠴᠢᠳ ᠤᠨ ᠵᠥᠪᠯᠡᠯ ᠢ ᠰᠣᠩᠭᠤᠨ ᠭᠠᠷᠭᠠᠵᠤ᠂ ᠲᠣᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ᠂ ᠲᠣᠭᠤᠷᠢᠭ ᠤᠨ ᠣᠷᠣᠯᠠᠭᠴᠢ ᠳᠠᠷᠤᠭ᠎ᠠ ᠯᠢᠦ ᠬᠤ᠋ ᠶᠢ ᠬᠤᠶᠠᠳᠤᠭᠠᠷ ᠬᠤᠭᠤᠴᠠᠭᠠᠨ ᠤ ᠬᠡᠷᠡᠭ ᠡᠷᠬᠢᠯᠡᠭᠴᠢᠳ ᠤᠨ ᠬᠤᠷᠠᠯ ᠤᠨ ᠨᠡᠷ᠎ᠡ ᠬᠦᠨᠳᠦᠲᠦ ᠳᠠᠷᠤᠭ᠎ᠠ ᠪᠠᠷ᠂ ᠲᠣᠭᠤᠷᠢᠭ ᠤᠨ ᠤᠳᠤᠷᠢᠳᠤᠯᠭ᠎ᠠ ᠴᠠᠩ ᠢᠦᠢ ᠭᠠᠩ᠂ ᠷᠧᠨ ᠷᠦᠢ ᠹᠠᠩ ᠢ ᠨᠡᠷ᠎ᠡ ᠬᠦᠨᠳᠦᠲᠦ ᠳᠡᠳ᠋ ᠳᠠᠷᠤᠭ᠎ᠠ ᠪᠠᠷ ᠤᠷᠢᠨ ᠲᠣᠮᠢᠯᠠᠪᠠ᠃
ᠬᠤᠷᠠᠯ ᠠᠴᠠ ᠴᠢᠬᠤᠯᠠᠴᠢᠯᠠᠭᠰᠠᠨ ᠨᠢ    ᠤᠯᠤᠰ ᠲᠦᠷᠦ ᠶᠢᠨ ᠴᠢᠭᠯᠡᠯ ᠢᠶᠠᠨ ᠪᠠᠲᠤᠳᠬᠠᠵᠤ᠂ ᠤᠯᠠᠭᠠᠨ ᠵᠠᠭᠠᠯᠮᠠᠶᠢᠳᠠᠨ ᠤ ᠠᠵᠢᠯ ᠤᠨ ᠭᠦᠨᠵᠡᠭᠡᠶᠢᠷᠡᠨ ᠬᠥᠭᠵᠢᠬᠦ ᠶᠢ ᠠᠬᠢᠭᠤᠯᠬᠤ ᠬᠡᠷᠡᠭᠲᠡᠢ᠃ ᠶᠡᠭᠡ ᠲᠠᠯ᠎ᠠ ᠳᠤ ᠦᠢᠯᠡᠴᠢᠯᠡᠬᠦ ᠪᠠᠷ ᠭᠤᠣᠯᠳᠠᠭᠤᠯᠵᠤ᠂ ᠤᠯᠠᠭᠠᠨ ᠵᠠᠭᠠᠯᠮᠠᠶᠢᠳᠠᠨ ᠤ ᠠᠵᠢᠯ ᠤᠨ ᠴᠢᠬᠤᠯᠠ ᠦᠢᠯᠡᠳᠦᠯ ᠢ ᠪᠠᠳᠠᠷᠠᠭᠤᠯᠬᠤ ᠬᠡᠷᠡᠭᠲᠡᠢ᠃ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠢ ᠪᠠᠷᠢᠮᠲᠠᠯᠠᠵᠤ᠂ ᠤᠯᠠᠭᠠᠨ ᠵᠠᠭᠠᠯᠮᠠᠶᠢᠳᠠᠨ ᠤ ᠠᠵᠢᠯ ᠤᠨ ᠠᠮᠢᠵᠢᠷᠠᠯ ᠤᠨ ᠬᠦᠴᠦᠨ ᠢ ᠬᠥᠭᠵᠢᠭᠡᠬᠦ ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ ᠶᠢ ᠴᠢᠩᠭᠠᠳᠬᠠᠵᠤ᠂ ᠤᠯᠠᠭᠠᠨ ᠵᠠᠭᠠᠯᠮᠠᠶᠢᠲᠠᠨ ᠤ ᠠᠵᠢᠯ ᠤᠨ ᠳᠠᠬᠢᠨᠲᠠ ᠰᠢᠯᠢᠳᠡᠭ ᠠᠮᠵᠢᠯᠲᠠ ᠶᠢ ᠡᠭᠦᠳᠬᠦ ᠳᠤ ᠬᠦᠴᠦ ᠨᠡᠮᠡᠷᠢᠯᠡᠵᠦ᠂ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ ᠰᠢᠨ᠎ᠡ ᠠᠶᠠᠨ ᠵᠠᠮ ᠳᠤ ᠤᠳᠠ ᠶᠢᠨ ᠤᠯᠠᠭᠠᠨ ᠵᠠᠭᠠᠯᠮᠠᠶᠢᠲᠠᠨ ᠤ ᠦᠢᠯᠡᠰ ᠤᠨ ᠬᠥᠭᠵᠢᠯᠲᠡ ᠶᠢᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠬᠦ ᠬᠡᠷᠡᠭᠲᠡᠶ᠃
 
ᠢᠷᠡᠯᠲᠡ᠄ ᠤᠳᠠ ᠲᠤᠭᠤᠷᠢᠭ ᠤᠨ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号