ᠨᠠᠮᠤᠷ ᠡᠪᠦᠯ ᠪᠣᠯ ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠣᠯᠠᠨ ᠡᠭᠦᠰᠬᠦ ᠤᠯᠠᠷᠢᠯ ᠪᠣᠯᠣᠨ᠎ᠠ᠃ | ᠣᠶᠢᠷ᠎ᠠ ᠳᠤ ᠡᠯ᠎ᠡ ᠡᠮᠨᠡᠯᠭᠡ ᠶᠢᠨ ᠬᠤᠷᠢᠶᠠᠨ ᠤ ᠬᠡᠦᠬᠡᠳ ᠤᠨ ᠰᠠᠯᠪᠤᠷᠢ ᠳᠤ ᠮᠢᠺᠦᠪᠯᠠᠨᠰᠮ ᠠᠭᠤᠰᠬᠢᠨ ᠦᠷᠪᠢᠰᠦᠯ | ᠵᠡᠷᠭᠡ ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠳᠤ ᠨᠡᠷᠪᠡᠭᠳᠡᠭᠰᠡᠨ ᠬᠡᠦᠬᠡᠳ ᠡᠳᠦᠢ ᠲᠡᠳᠦᠢ ᠨᠡᠮᠡᠭᠳᠡᠵᠡᠢ᠃ | ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠢ ᠬᠡᠷᠬᠢᠨ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ ᠵᠠᠰᠠᠬᠤ | ᠲᠤᠬᠠᠢ ᠲᠦᠷᠦᠭᠦᠬᠡᠨ ᠰᠤᠷᠪᠤᠯᠵᠢᠯᠠᠬᠴᠢ ᠨᠡᠶᠢᠰᠯᠡᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ | ᠪᠡᠭᠡᠵᠢᠩ ᠤᠨ ᠬᠡᠦᠬᠡᠳ ᠤᠨ ᠡᠮᠨᠡᠯᠭᠡ ᠶᠢᠨ ᠬᠤᠷᠢᠶᠠᠨ ᠤ ᠠᠮᠢᠰᠬᠤᠯ ᠤᠨ ᠰᠠᠯᠠᠭᠠᠨ ᠤ ᠡᠷᠭᠢᠯᠡᠭᠴᠢ ᠰᠢᠦᠢ ᠪᠦᠦ | ᠫᠢᠩ ᠂ ᠳᠤᠮᠳᠠᠳᠤ ᠤᠯᠤᠰ ᠤᠨ ᠬᠢᠲᠠᠳ ᠡᠮᠨᠡᠯᠭᠡ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠭᠤᠸᠠᠩ ᠠᠨ | ᠮᠧᠨ ᠡᠮᠨᠡᠯᠭᠡ ᠶᠢᠨ ᠬᠤᠷᠢᠶᠠᠨ ᠤ ᠲᠦᠷᠭᠡᠨ ᠡᠮᠨᠡᠬᠦ ᠰᠠᠯᠠᠭᠠᠨ ᠤ ᠡᠷᠭᠢᠯᠡᠭᠴᠢ ᠴᠢ ᠸᠧᠨ ᠱᠧᠩ ᠢ ᠰᠤᠷᠪᠤᠯᠵᠢᠯᠠᠪᠠ᠃ | ᠰᠢᠦᠢ ᠪᠦᠦ ᠫᠢᠩ ᠬᠡᠯᠡᠬᠦ ᠳᠡᠭᠡᠨ᠄ ︽ᠡᠨᠡ ᠵᠢᠯ ᠤᠨ ᠬᠡᠦᠬᠡᠳ ᠤᠨ ᠠᠮᠢᠰᠬᠤᠯ ᠤᠨ ᠵᠠᠮ ᠤᠨ ᠬᠠᠯᠳᠠᠪᠤᠷᠢᠲᠤ | ᠡᠪᠡᠳᠴᠢᠨ ᠳᠤ ᠨᠡᠷᠪᠡᠭᠳᠡᠬᠦ ᠣᠷᠭᠢᠯ ᠬᠤᠭᠤᠴᠠᠭ᠎ᠠ ᠨᠢ ᠥᠩᠭᠡᠷᠡᠭᠰᠡᠨ ᠵᠢᠯ ᠤᠳ ᠤᠨ ᠬᠢ ᠠᠴᠠ ᠪᠠᠭ᠋ᠠᠨ | ᠤᠷᠢᠳᠴᠢᠯᠠᠵᠠᠢ᠂ ᠮᠢᠺᠦᠪᠯᠠᠨᠰᠮ ᠤᠨ ᠬᠠᠯᠳᠠᠪᠤᠷᠢᠯᠠᠯ ᠠᠴᠠ ᠭᠠᠳᠠᠨ᠎ᠠ᠂ ᠲᠠᠬᠤᠯ ᠲᠠᠭᠰᠢᠭᠤᠷ ᠤᠨ ᠸᠢᠷᠦ᠋ᠰ᠂ | ᠪᠤᠯᠴᠢᠷᠬᠠᠢ ᠶᠢᠨ ᠸᠢᠷᠦ᠋ᠰ᠂ ᠬᠠᠮᠠᠷ ᠤᠨ ᠸᠢᠷᠦ᠋ᠰ ᠵᠡᠷᠭᠡ ᠳᠤ ᠬᠠᠯᠳᠠᠪᠤᠷᠢᠯᠠᠭᠳᠠᠭᠰᠠᠨ ᠬᠥᠮᠥᠨ ᠤ ᠲᠤᠭ᠎ᠠ ᠴᠤ | ᠨᠡᠯᠢᠶᠡᠳ ᠨᠡᠮᠡᠭᠳᠡᠵᠡᠢ᠃ ᠡᠭᠦᠨ ᠤ ᠳᠣᠲᠣᠷ᠎ᠠ ᠮᠢᠺᠦᠪᠯᠠᠨᠰᠮ ᠤᠨ ᠠᠷᠭ᠎ᠠ ᠴᠢᠨᠠᠷᠲᠠᠢ ᠬᠥᠮᠥᠨ ᠤ ᠲᠤᠭ᠎ᠠ ᠨᠢ | ᠬᠠᠯᠠᠭᠤᠷᠠᠵᠤ ᠬᠠᠨᠢᠶᠠᠬᠤ ᠡᠭᠦᠳᠡᠨ ᠡᠮᠨᠡᠯᠭᠡ ᠶᠢᠨ 20% ᠶᠢ ᠡᠵᠡᠯᠡᠵᠦ ᠪᠤᠢ᠃ ᠡᠨᠡ ᠨᠢ ᠭᠤᠣᠯᠳᠠᠭᠤ ᠪᠣᠳᠠᠭᠠᠯᠢ | ᠪᠡᠶ᠎ᠡ ᠶᠢᠨ ᠡᠭᠡᠯᠢᠯᠡᠭᠡ ᠶᠢᠨ ᠴᠢᠳᠠᠪᠤᠷᠢ ᠮᠠᠭᠤᠳᠠᠭᠰᠠᠨ ᠲᠠᠢ ᠬᠤᠯᠪᠤᠭ᠎ᠠ ᠲᠠᠢ ᠶᠤᠮ︾ ᠭᠡᠵᠡᠢ᠃ | ᠮᠢᠺᠦᠪᠯᠠᠨᠰᠮ ᠤᠨ ᠠᠭᠤᠰᠬᠢᠨ ᠦᠷᠪᠢᠰᠦᠯ ᠳᠤ ᠬᠠᠯᠳᠠᠪᠤᠷᠢᠯᠠᠭᠳᠠᠪᠠᠯ ︽ᠠᠭᠤᠰᠬᠢ ᠴᠠᠶᠢᠷᠠᠬᠤ︾ ᠢᠯᠡᠷᠡᠯ | ᠭᠠᠷᠤᠨ᠎ᠠ ᠤᠤ︖ ᠰᠢᠦᠢ ᠪᠦᠦ ᠫᠢᠩ ᠤᠨ ᠦᠵᠡᠬᠦ ᠪᠠᠷ᠄ ︽ᠵᠠᠷᠢᠮ ᠮᠢᠺᠦᠪᠯᠠᠨᠰᠮ ᠤᠨ ᠠᠭᠤᠰᠬᠢᠨ ᠦᠷᠪᠢᠰᠦᠯ ᠳᠤ | ᠨᠡᠷᠪᠡᠭᠳᠡᠭᠰᠡᠳ ᠤᠨ ᠠᠭᠤᠰᠬᠢᠨ ᠤ ᠵᠢᠷᠤᠭ ᠳᠦᠷᠰᠦ ᠳᠡᠭᠡᠷ᠎ᠡ ᠨᠢ ᠨᠢᠭᠡ ᠬᠡᠰᠡᠭ ᠴᠠᠭᠠᠨ ᠥᠩᠭᠡ ᠲᠠᠢ ᠬᠡᠰᠡᠭ | ᠢᠯᠡᠷᠡᠳᠡᠭ᠂ ᠣᠯᠠᠩᠬᠢ ᠨᠢ ᠨᠢᠭᠡ ᠠᠭᠤᠰᠬᠢᠨ ᠤ ᠬᠡᠯᠲᠡᠰ ᠪᠤᠶᠤ ᠠᠭᠤᠰᠬᠢᠨ ᠤ ᠬᠡᠰᠡᠭ ᠤᠨ ᠬᠠᠯᠳᠠᠪᠤᠷᠢᠯᠠᠯ ᠠᠴᠠ | ᠪᠣᠯᠵᠠᠢ᠂ ᠡᠨᠡ ᠨᠢ ᠡᠮᠨᠡᠯᠭᠡ ᠶᠢᠨ ᠤᠬᠠᠭᠠᠨ ᠳᠤ ᠬᠡᠯᠡᠳᠡᠭ ︿ᠠᠭᠤᠰᠬᠢ ᠴᠠᠶᠢᠷᠠᠬᠤ﹀ ᠭᠡᠳᠡᠭ ᠲᠠᠢ ᠬᠤᠶᠠᠷ | ᠤᠬᠠᠭᠳᠠᠬᠤᠨ ᠪᠣᠯᠣᠨ᠎ᠠ᠃ ᠶᠡᠷᠦ ᠳᠡᠭᠡᠨ ︿ᠠᠭᠤᠰᠬᠢ ᠴᠠᠶᠢᠷᠠᠬᠤ﹀ ᠭᠡᠳᠡᠭ ᠨᠢ ᠬᠤᠣᠰ ᠠᠭᠤᠰᠬᠢᠨ ᠤ ᠨᠡᠯᠦᠩᠬᠡᠢ | ᠴᠢᠨᠠᠷᠲᠠᠢ ᠡᠪᠡᠳᠴᠢᠨ ᠤ ᠬᠤᠪᠢᠷᠠᠯᠲᠠ ᠶᠢ ᠵᠢᠭᠠᠵᠤ ᠪᠤᠶ᠂ ᠭᠤᠣᠯᠳᠠᠭᠤ ᠬᠦᠨᠳᠦ ᠬᠠᠯᠳᠠᠪᠤᠷᠢᠯᠠᠯ ᠤᠨ ᠦᠶ᠎ᠡ ᠳᠤ | ᠡᠭᠦᠰᠳᠡᠭ᠂ ᠲᠡᠭᠦᠨ ᠤ ᠡᠪᠡᠳᠴᠢᠨ ᠤ ᠢᠯᠡᠷᠡᠯ ᠪᠠ ᠬᠦᠨᠳᠦ ᠨᠣᠴᠢᠲᠠᠢ ᠬᠡᠮᠵᠢᠶ᠎ᠡ ᠨᠢ ᠴᠥᠮ ᠮᠢᠺᠦᠪᠯᠠᠨᠰᠮ ᠤᠨ | ᠠᠭᠤᠰᠬᠢᠨ ᠦᠷᠪᠢᠰᠦᠯ ᠲᠠᠢ ᠠᠳᠠᠯᠢ ᠦᠭᠡᠢ ᠪᠠᠶᠢᠳᠠᠭ︾᠃ | ᠮᠢᠺᠦᠪᠯᠠᠨᠰᠮ ᠤᠨ ᠬᠠᠯᠳᠠᠪᠤᠷᠢᠯᠠᠯ ᠪᠤᠶᠤ ᠠᠭᠤᠰᠬᠢᠨ ᠤ ᠦᠷᠪᠢᠰᠦᠯ ᠨᠢ ᠶᠠᠮᠠᠷ ᠢᠯᠡᠷᠡᠯ ᠲᠠᠢ ᠪᠤᠢ︖ ᠡᠮᠨᠡᠨ | ᠵᠠᠰᠠᠬᠤ ᠳᠤ ᠶᠠᠮᠠᠷ ᠡᠮ ᠬᠡᠷᠡᠭᠯᠡᠳᠡᠭ ᠪᠤᠢ︖ ᠰᠢᠦᠢ ᠪᠦᠦ ᠫᠢᠩ ᠬᠡᠯᠡᠬᠦ ᠳᠡᠭᠡᠨ᠄ ︽ᠮᠢᠺᠦᠪᠯᠠᠨᠰᠮ ᠤᠨ ᠠᠭᠤᠰᠬᠢᠨ | ᠦᠷᠪᠢᠰᠦᠯ ᠤᠨ ᠭᠤᠣᠯ ᠢᠯᠡᠷᠡᠯ ᠨᠢ ᠬᠤᠶᠠᠷ ᠪᠤᠶ᠄ ᠨᠢᠭᠡ ᠳᠤ ᠬᠠᠯᠠᠭᠤᠷᠠᠬᠤ᠂ ᠬᠤᠶᠠᠷ ᠲᠤ ᠬᠠᠨᠢᠶᠠᠬᠤ᠃ ᠡᠭᠦᠨ ᠤ | ᠳᠣᠲᠣᠷ᠎ᠠ ᠬᠠᠨᠢᠶᠠᠬᠤ ᠨᠢ ᠠᠩᠬ᠎ᠠ ᠡᠬᠢᠯᠡᠬᠦ ᠳᠡᠭᠡᠨ ᠬᠡᠰᠡᠭ ᠵᠠᠭᠤᠷ᠎ᠠ ᠬᠠᠭᠤᠷᠠᠢ ᠪᠠᠷ ᠬᠠᠨᠢᠶᠠᠵᠤ᠂ ᠶᠠᠪᠤᠭᠠᠨ ᠳᠠᠭᠠᠨ | ᠴᠡᠷ ᠲᠠᠢ ᠬᠠᠨᠢᠶᠠᠵᠤ ᠮᠡᠳᠡᠨ᠎ᠡ᠃ ᠵᠠᠷᠢᠮ ᠬᠥᠮᠥᠨ ᠳᠤ ᠴᠡᠭᠡᠵᠢ ᠡᠪᠡᠳᠬᠦ᠂ ᠵᠠᠯᠭᠢᠭᠤᠷ ᠡᠪᠡᠳᠬᠦ᠂ ᠲᠣᠯᠣᠭᠠᠢ ᠡᠪᠡᠳᠬᠦ | ᠵᠡᠷᠭᠡ ᠡᠪᠡᠳᠴᠢᠨ ᠤ ᠢᠯᠡᠷᠡᠯ ᠭᠠᠷᠳᠠᠭ᠂ ᠴᠥᠭᠡᠨ ᠲᠣᠭᠠᠨ ᠤ ᠬᠥᠮᠥᠨ ᠬᠥᠬᠡᠷᠡᠬᠦ᠂ ᠠᠮᠢᠰᠬᠤᠯ ᠴᠢᠬᠤᠯᠳᠠᠬᠤ ᠵᠡᠷᠭᠡ | ᠢᠯᠡᠷᠡᠯ ᠭᠠᠷᠳᠠᠭ᠂ ᠡᠨᠡ ᠦᠶᠡᠰ ᠴᠠᠭ ᠲᠤᠬᠠᠢ ᠳᠤᠨᠢ ᠡᠮᠨᠡᠯᠭᠡ ᠳᠤ ᠬᠦᠷᠴᠦ ᠡᠮᠨᠡᠭᠦᠯᠭᠦ ᠬᠡᠷᠡᠭᠲᠡᠢ᠃ ᠣᠳᠣᠬᠠᠨ ᠳᠤ | ᠭᠤᠣᠯᠳᠠᠭᠤ ᠠᠼᠢᠯᠮᠢᠼᠢᠨ᠂ ᠡᠷᠢᠲᠷᠣᠮᠢᠼᠢᠨ᠂ ᠺᠯᠠᠷᠠᠮᠢᠼᠢᠨ ᠵᠡᠷᠭᠡ ᠪᠤᠢ᠃ ᠨᠢᠶᠠᠨ ᠳᠠᠷᠤᠭᠴᠢ ᠶᠢᠨ ᠲᠥᠷᠥᠯ ᠤᠨ | ᠡᠮ ᠨᠢ ᠵᠣᠷ ᠤᠨ ᠡᠮ ᠳᠤ ᠪᠠᠭᠲᠠᠬᠤ ᠲᠤᠯᠠ ᠡᠮᠴᠢ ᠶᠢᠨ ᠵᠢᠯᠣᠭᠤᠳᠤᠯᠭ᠎ᠠ ᠪᠠᠷ ᠡᠮ ᠬᠡᠷᠡᠭᠯᠡᠬᠦ ᠬᠡᠷᠡᠭᠲᠡᠢ᠃ | ᠡᠮᠴᠢᠯᠡᠭᠡᠨ ᠳᠡᠭᠡᠷ᠎ᠡ ᠵᠠᠷᠢᠮ ᠬᠡᠦᠬᠡᠳ ᠲᠤ ᠡᠮ ᠳᠠᠭᠠᠭᠠᠬᠤ ᠦᠵᠡᠭᠳᠡᠯ ᠢᠯᠡᠷᠡᠵᠦ᠂ ᠡᠮᠴᠢᠯᠡᠭᠡᠨ ᠤ ᠦᠷ᠎ᠡ ᠳ᠋ᠦᠩ ᠨᠢ | ᠲᠡᠶᠢᠮᠦ ᠰᠠᠶᠢᠨ ᠪᠢᠰᠢ ᠪᠠᠶᠢᠳᠠᠭ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠮᠢᠺᠦᠪᠯᠠᠨᠰᠮ ᠤᠨ ᠬᠠᠯᠳᠠᠪᠤᠷᠢᠯᠠᠯ | ᠪᠤᠶᠤ ᠠᠭᠤᠰᠬᠢᠨ ᠤ ᠦᠷᠪᠢᠰᠦᠯ ᠤᠨ ᠡᠮᠴᠢᠯᠡᠭᠡᠨ ᠤ ᠲᠠᠯ᠎ᠠ ᠪᠠᠷ ᠡᠮ ᠳᠠᠭᠠᠭᠠᠬᠤ ᠬᠥᠮᠥᠨ ᠪᠠ ᠡᠮ ᠤᠨ ᠦᠢᠯᠡᠳᠦᠯ | ᠲᠦᠷᠭᠡᠨ ᠢᠯᠡᠷᠡᠳᠡᠭ ᠬᠥᠮᠥᠨ ᠳᠡᠮᠡᠢ ᠶᠡᠭᠡ ᠵᠥᠷᠢᠶ᠎ᠡ ᠦᠭᠡᠢ᠃ ᠭᠤᠣᠯ ᠵᠥᠷᠢᠶ᠎ᠡ ᠨᠢ ᠡᠮ ᠳᠠᠭᠠᠭᠠᠬᠤ ᠬᠥᠮᠥᠨ ᠤ | ᠬᠠᠯᠠᠭᠤᠨ ᠪᠠᠭᠤᠷᠠᠬᠤ ᠴᠠᠭ ᠨᠢ ᠤᠳᠠᠭᠠᠰᠢᠷᠠᠵᠤ᠂ ᠡᠪᠡᠳᠴᠢᠨ ᠤ ᠶᠠᠪᠤᠴᠠ ᠨᠢ ᠨᠡᠯᠢᠶᠡᠳ ᠤᠷᠲᠤ ᠪᠤᠯᠪᠠᠴᠤ ᠬᠦᠨᠳᠦ | ᠡᠪᠡᠳᠴᠢᠨ ᠤ ᠬᠠᠷᠢᠴᠠᠯ ᠤᠨ ᠵᠥᠷᠢᠶ᠎ᠡ ᠨᠢ ᠲᠡᠶᠢᠮᠦ ᠢᠯᠡᠷᠬᠡᠢ ᠪᠢᠰᠢ᠃ | ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠢ ᠬᠡᠷᠬᠢᠨ ᠰᠡᠷᠭᠡᠶᠢᠯᠡᠬᠦ ᠲᠤᠬᠠᠢ ᠰᠢᠦᠢ ᠪᠦᠦ ᠫᠢᠩ | ᠬᠡᠯᠡᠬᠦ ᠳᠡᠭᠡᠨ᠄ ︽ᠭᠤᠣᠯᠳᠠᠭᠤ ᠡᠪᠡᠳᠴᠢᠨ ᠡᠭᠦᠰᠬᠡᠭᠴᠢ ᠠᠴᠠ ᠬᠤᠯᠠ ᠪᠠᠶᠢᠵᠤ᠂ ᠬᠥᠮᠥᠨ ᠬᠠᠷ᠎ᠠ ᠨᠢᠭᠲᠠᠷᠠᠭᠰᠠᠨ | ᠪᠢᠲᠡᠭᠦᠮᠵᠢᠯᠡᠭᠰᠡᠨ ᠲᠠᠯᠠᠪᠤᠷ ᠲᠤ ᠠᠯᠢ ᠴᠢᠳᠠᠬᠤ ᠪᠠᠷ ᠴᠥᠭᠡᠨ ᠣᠴᠢᠵᠤ᠂ ᠵᠠᠪᠠᠯ ᠣᠴᠢᠬᠤ ᠴᠢᠬᠤᠯᠠᠲᠠᠢ ᠦᠶ᠎ᠡ ᠳᠤ | ᠠᠮᠠᠪᠴᠢ ᠵᠡᠭᠦᠵᠦ ᠪᠣᠯᠣᠨ᠎ᠠ᠃ ᠭᠠᠷ ᠢᠶᠠᠨ ᠰᠠᠶᠢᠲᠤᠷ ᠤᠬᠢᠶᠠᠵᠤ᠂ ᠪᠡᠶ᠎ᠡ ᠶᠢᠨ ᠪᠣᠯᠪᠠᠰᠤᠷᠠᠯ ᠢᠶᠠᠨ ᠴᠢᠩᠭᠠᠳᠬᠠᠵᠤ᠂ | ᠪᠡᠶ᠎ᠡ ᠮᠠᠬᠠᠪᠤᠳ ᠢᠶᠠᠨ ᠴᠢᠭᠢᠷᠠᠭᠵᠢᠭᠤᠯᠬᠤ ᠬᠡᠷᠡᠭᠲᠡᠢ᠃ ᠡᠭᠦᠨ ᠠᠴᠠ ᠭᠠᠳᠠᠨ᠎ᠠ᠂ ᠰᠤᠷᠬᠤ ᠨᠠᠰᠤᠨ ᠤ ᠬᠡᠦᠬᠡᠳ | ᠮᠢᠺᠦᠪᠯᠠᠨᠰᠮ ᠤᠨ ᠠᠭᠤᠰᠬᠢᠨ ᠦᠷᠪᠢᠰᠦᠯ ᠳᠤ ᠨᠡᠷᠪᠡᠭᠳᠡᠭᠰᠡᠨ ᠤ ᠳᠠᠷᠠᠭ᠎ᠠ ᠰᠤᠷᠭᠠᠭᠤᠯᠢ ᠳᠤᠨᠢ ᠣᠴᠢᠭᠤᠯᠵᠤ ᠪᠤᠯᠬᠤ | ᠦᠭᠡᠢ᠂ ᠠᠮᠠᠷᠠᠬᠤ ᠶᠢ ᠠᠩᠬᠠᠷᠴᠤ᠂ ᠡᠭᠡᠯᠢᠯᠡᠭᠡ ᠶᠢᠨ ᠴᠢᠳᠠᠪᠤᠷᠢ ᠶᠢ ᠨᠢ ᠳᠡᠭᠡᠭᠰᠢᠯᠡᠭᠦᠯᠭᠦ ᠬᠡᠷᠡᠭᠲᠡᠢ︾᠃ | ᠴᠢ ᠸᠧᠨ ᠱᠧᠩ ᠬᠡᠯᠡᠬᠦ ᠳᠡᠭᠡᠨ᠄ ︽ᠬᠢᠲᠠᠳ ᠡᠮᠨᠡᠯᠭᠡ ᠶᠢᠨ ᠲᠠᠯ᠎ᠠ ᠠᠴᠠ ᠦᠵᠡᠪᠡᠯ᠂ ᠨᠠᠮᠤᠷ ᠤᠨ ᠤᠯᠠᠷᠢᠯ | ᠠᠭᠤᠷ ᠠᠮᠢᠰᠬᠤᠯ ᠭᠠᠩ ᠬᠠᠭᠤᠷᠠᠢ᠂ ᠡᠪᠡᠳᠴᠢᠨ ᠭᠡᠮ ᠨᠢ ᠠᠭᠤᠰᠬᠢᠨ ᠤ ᠰᠢᠰᠲ᠋ᠧᠮ ᠳᠤ ᠠᠮᠠᠷᠬᠠᠨ ᠬᠠᠯᠳᠠᠵᠤ᠂ | ᠠᠮᠢᠰᠬᠤᠯ ᠤᠨ ᠵᠠᠮ ᠤᠨ ᠡᠪᠡᠳᠴᠢᠨ ᠢ ᠡᠭᠦᠰᠬᠡᠳᠡᠭ᠂ ᠡᠭᠦᠨ ᠳᠤ ᠭᠤᠣᠯᠳᠠᠭᠤ ᠠᠮᠠ ᠬᠠᠲᠠᠬᠤ᠂ ᠬᠤᠭᠤᠯᠠᠢ | ᠡᠪᠡᠳᠬᠦ᠂ ᠬᠠᠨᠢᠶᠠᠬᠤ ᠵᠡᠷᠭᠡ ᠡᠪᠡᠳᠴᠢᠨ ᠤ ᠢᠯᠡᠷᠡᠯ ᠲᠠᠢ᠂ ᠬᠢᠲᠠᠳ ᠡᠮᠨᠡᠯᠭᠡ ᠳᠤ ᠶᠡᠷᠦᠩᠬᠡᠢ ᠳᠤᠨᠢ ᠨᠠᠮᠤᠷ ᠤᠨ | ᠬᠠᠭᠤᠷᠠᠢ ᠡᠪᠡᠳᠴᠢᠨ ᠭᠡᠳᠡᠭ᠃ ᠨᠠᠮᠤᠷ ᠤᠨ ᠬᠠᠭᠤᠷᠠᠢ ᠡᠪᠡᠳᠴᠢᠨ ᠢ ᠭᠤᠣᠯᠳᠠᠭᠤ ᠪᠦᠯᠢᠶᠡᠨ ᠬᠠᠭᠤᠷᠠᠢ ᠪᠠ | ᠰᠡᠷᠢᠭᠦᠨ ᠬᠠᠭᠤᠷᠠᠢ ᠭᠡᠵᠦ ᠬᠤᠶᠠᠷ ᠲᠥᠷᠥᠯ ᠳᠤ ᠬᠤᠪᠢᠶᠠᠵᠤ᠂ ᠡᠪᠡᠳᠴᠢᠨ ᠢ ᠨᠢ ᠢᠯᠭᠠᠵᠤ ᠵᠠᠰᠠᠬᠤ ᠬᠡᠷᠡᠭᠲᠡᠢ᠃ | ᠬᠠᠯᠠᠭᠤᠨ ᠬᠠᠭᠤᠷᠠᠢ ᠡᠪᠡᠳᠴᠢᠨ ᠢ ᠵᠠᠰᠠᠬᠤ ᠳᠤ ᠭᠤᠣᠯᠳᠠᠭᠤ ᠬᠠᠯᠠᠭᠤᠨ ᠢ ᠠᠷᠢᠯᠭᠠᠵᠤ ᠬᠠᠭᠤᠷᠠᠢ ᠶᠢ | ᠵᠥᠭᠡᠯᠡᠷᠡᠭᠦᠯᠦᠨᠡ᠃ ᠰᠡᠷᠢᠭᠦᠨ ᠬᠠᠭᠤᠷᠠᠢ ᠡᠪᠡᠳᠴᠢᠨ ᠢ ᠵᠠᠰᠠᠬᠤ ᠳᠤ ᠭᠤᠣᠯᠳᠠᠭᠤ ᠬᠠᠯᠠᠭᠤᠨ ᠰᠠᠷᠨᠢᠭᠤᠯᠵᠤ | ᠬᠠᠭᠤᠷᠠᠢ ᠶᠢ ᠵᠥᠭᠡᠯᠡᠷᠡᠭᠦᠯᠦᠨᠡ︾᠃ | ᠨᠠᠮᠤᠷ ᠤᠨ ᠤᠯᠠᠷᠢᠯ ᠤᠨ ᠠᠮᠢᠰᠬᠤᠯ ᠤᠨ ᠵᠠᠮ ᠤᠨ ᠡᠪᠡᠳᠴᠢᠨ ᠳᠤ ᠬᠠᠨᠳᠤᠭᠤᠯᠤᠨ ᠬᠢᠲᠠᠳ ᠡᠮᠨᠡᠯᠭᠡ ᠳᠤ | ᠶᠠᠮᠠᠷ ᠶᠠᠮᠠᠷ ᠰᠠᠶᠢᠨ ᠵᠣᠷ ᠪᠠᠶᠢᠳᠠᠭ ᠲᠤᠬᠠᠢ ᠴᠢ ᠸᠧᠨ ᠱᠧᠩ᠄ ︽ᠬᠡᠷᠪᠡ ᠠᠮᠢᠰᠬᠤᠯ ᠤᠨ ᠵᠠᠮ ᠤᠨ ᠡᠪᠡᠳᠴᠢᠨ ᠳᠤ | ᠨᠡᠷᠪᠡᠭᠳᠡᠵᠦ᠂ ᠬᠠᠭᠤᠷᠠᠢ ᠪᠠᠷ ᠬᠠᠨᠢᠶᠠᠬᠤ᠂ ᠬᠠᠯᠠᠭᠤᠷᠠᠬᠤ ᠵᠡᠷᠭᠡ ᠡᠪᠡᠳᠴᠢᠨ ᠤ ᠢᠯᠡᠷᠡᠯ ᠭᠠᠷᠪᠠᠯ ᠴᠠᠭ ᠲᠤᠬᠠᠢ | ᠳᠤᠨᠢ ᠡᠮᠨᠡᠭᠦᠯᠵᠦ᠂ ᠵᠠᠷᠢᠮ ᠵᠦᠢᠯ ᠤᠨ ᠬᠢᠲᠠᠳ ᠡᠮ ᠤᠤᠭᠤᠬᠤ ᠬᠡᠷᠡᠭᠲᠡᠢ ᠭᠡᠵᠡᠢ᠃ ᠬᠡᠷᠪᠡ ᠵᠠᠯᠭᠢᠭᠤᠷ | ᠵᠠᠭᠠᠲᠤᠨᠠᠬᠤ ᠪᠠᠷ ᠭᠤᠣᠯᠯᠠᠪᠠᠯ᠂ ᠢᠯᠠᠮᠠᠨ ᠤᠳᠪᠠᠯᠠ ᠶᠢᠨ ᠤᠮᠳᠠᠭᠠᠨ ᠵᠡᠷᠭᠡ ᠡᠮ ᠤᠨ ᠵᠣᠷ ᠢ ᠬᠡᠷᠡᠭᠯᠡᠵᠦ ᠪᠣᠯᠣᠨ᠎ᠠ᠃ | ᠬᠡᠷᠪᠡ ᠵᠠᠯᠭᠢᠭᠤᠷ ᠬᠠᠲᠠᠬᠤ ᠪᠠᠷ ᠭᠤᠣᠯᠯᠠᠬᠤ ᠪᠠᠶᠢᠳᠠᠯ ᠲᠠᠢ ᠪᠣᠯ ᠢᠯᠠᠮ᠎ᠠ ᠶᠢᠨ ᠨᠠᠪᠴᠢᠨ ᠤ ᠱᠥᠯᠥ ᠵᠡᠷᠭᠡ ᠡᠮ ᠤᠨ | ᠵᠣᠷ ᠢ ᠬᠡᠷᠡᠭᠯᠡᠵᠦ ᠪᠣᠯᠣᠨ᠎ᠠ᠃ ᠬᠡᠷᠪᠡ ᠭᠠᠳᠠᠷ ᠬᠦᠢᠲᠡᠨ ᠤ ᠢᠯᠡᠷᠡᠯ ᠲᠠᠢ ᠪᠣᠯ ᠭᠦᠢᠯᠡᠰᠦᠨ ᠲᠠᠯᠬ᠎ᠠ ᠮᠡᠲᠦ ᠶᠢᠨ | ᠵᠣᠷ ᠢ ᠬᠡᠷᠡᠭᠯᠡᠵᠦ ᠪᠣᠯᠣᠨ᠎ᠠ︾ ᠭᠡᠵᠡᠢ᠃ |