ᠵᠤᠨ ᠤ ᠤᠯᠠᠷᠢᠯ ᠪᠣᠯ ᠵᠢᠷᠦᠬᠡ ᠲᠠᠷᠢᠬᠢᠨ ᠤ ᠴᠢᠰᠤᠨ ᠰᠤᠳᠠᠯ ᠤᠨ ᠥᠨᠳᠥᠷ ᠡᠪᠡᠳᠴᠢᠯᠡᠯ ᠲᠠᠢ ᠴᠠᠭ | ᠪᠣᠯᠣᠨ᠎ᠠ᠃ ᠪᠦᠷᠢᠳᠬᠡᠯ ᠠᠴᠠ ᠦᠵᠡᠪᠡᠯ᠂ ᠠᠭᠠᠷ ᠤᠨ ᠳᠤᠯᠠᠭᠠᠨ 1℃ᠳᠡᠭᠡᠭᠰᠢᠯᠡᠬᠦ ᠲᠤᠰᠤᠮ ᠵᠢᠷᠦᠬᠡ ᠲᠠᠷᠢᠬᠢᠨ ᠤ | ᠴᠢᠰᠤᠨ ᠰᠤᠳᠠᠯ ᠤᠨ ᠡᠪᠡᠳᠴᠢᠨ ᠢᠶᠠᠷ ᠡᠮᠨᠡᠭᠦᠯᠭᠦ ᠬᠥᠮᠥᠨ ᠤ ᠲᠤᠭ᠎ᠠ 17.3% ᠪᠠᠷ ᠨᠡᠮᠡᠭᠳᠡᠳᠡᠭ᠃ ᠡᠶᠢᠮᠦ ᠠᠴᠠ | ᠬᠠᠯᠠᠭᠤᠨ ᠤ ᠴᠠᠭ ᠲᠤ ᠡᠳᠡᠭᠡᠷ ᠠᠴᠠ ᠲᠠᠲᠠᠭᠠᠯᠵᠠᠭᠠᠷᠠᠢ ᠭᠡᠵᠦ ᠲᠠ ᠪᠦᠭᠦᠨ ᠳᠤ ᠰᠠᠨᠠᠭᠤᠯᠤᠶ᠎ᠠ︕ | 1. ᠠᠭᠠᠷ ᠲᠣᠬᠢᠷᠠᠭᠤᠯᠤᠭᠴᠢ ᠶᠢ ᠪᠦᠲᠦᠨ ᠰᠥᠨᠢ ᠪᠠᠷ ᠨᠡᠭᠡᠭᠡᠬᠦ᠃ ᠠᠭᠠᠷ ᠲᠣᠬᠢᠷᠠᠭᠤᠯᠤᠭᠴᠢ ᠶᠢᠨ | ᠳᠤᠯᠠᠭᠠᠨ ᠢ ᠬᠡᠲᠦᠷᠬᠡᠢ ᠳᠣᠣᠷ᠎ᠠ ᠪᠠᠶᠢᠯᠭᠠᠬᠤ ᠪᠤᠶᠤ ᠤᠳᠠᠭᠠᠨ ᠬᠤᠭᠤᠴᠠᠭ᠎ᠠ ᠪᠠᠷ ᠨᠡᠭᠡᠭᠡᠵᠦ ᠪᠤᠯᠬᠤ ᠦᠭᠡᠢ᠂ | ᠭᠡᠷ ᠤᠨ ᠳᠣᠲᠣᠨ᠎ᠠ ᠭᠠᠳᠠᠨᠠᠬᠢ ᠳᠤᠯᠠᠭᠠᠨ ᠤ ᠵᠥᠷᠢᠶ᠎ᠡ ᠶᠢ 5℃ ᠠᠴᠠ ᠪᠢᠲᠡᠭᠡᠢ ᠬᠡᠲᠦᠷᠡᠭᠦᠯᠦᠭᠡᠷᠡᠢ᠃ | 2. ᠤᠮᠳᠠᠭᠠᠰᠬᠤ ᠪᠠᠷ ᠶᠡᠭᠡ ᠬᠡᠮᠵᠢᠶᠡᠨ ᠤ ᠤᠰᠤ ᠤᠤᠭᠤᠬᠤ᠃ ᠵᠤᠨ ᠤ ᠴᠠᠭ ᠲᠤ ᠤᠰᠤ ᠶᠢ ᠬᠡᠲᠦᠷᠬᠡᠢ | ᠬᠤᠷᠳᠤᠨ ᠤᠤᠭᠤᠵᠤ ᠪᠤᠯᠬᠤ ᠦᠭᠡᠢ᠂ ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠤᠤᠭᠤᠵᠤ᠂ ᠤᠳᠠᠭ᠎ᠠ ᠪᠦᠷᠢ 100 | - 150ml ᠤᠤᠭᠤᠪᠠᠯ ᠲᠣᠬᠢᠷᠠᠮᠵᠢᠲᠠᠢ᠃ | 3. ᠬᠥᠳᠡᠯᠭᠡᠭᠡᠨ ᠬᠢᠭᠰᠡᠨ ᠤ ᠳᠠᠷᠠᠭ᠎ᠠ ᠬᠦᠢᠲᠡᠨ ᠤᠮᠳᠠᠭᠠᠨ ᠤᠤᠭᠤᠬᠤ᠃ ᠰᠢᠷᠦᠭᠦᠨ ᠬᠥᠳᠡᠯᠭᠡᠭᠡᠨ | ᠬᠢᠭᠰᠡᠨ ᠤ ᠳᠠᠷᠠᠭ᠎ᠠ᠂ ᠬᠦᠢᠲᠡᠨ ᠤᠮᠳᠠᠭᠠᠨ ᠶᠡᠭᠡ ᠤᠤᠭᠤᠪᠠᠯ ᠴᠢᠰᠤᠨ ᠰᠤᠳᠠᠯ ᠤᠨ ᠠᠭᠰᠢᠯᠲᠠ᠂ ᠵᠢᠷᠦᠬᠡ ᠲᠠᠷᠢᠬᠢ | ᠪᠣᠯᠣᠨ ᠪᠤᠰᠤᠳ ᠡᠷᠬᠡᠲᠡᠨ ᠤ ᠬᠦᠴᠢᠯᠲᠥ᠋ᠷᠥᠭᠴᠢ ᠶᠢᠨ ᠬᠡᠷᠡᠭᠯᠡᠭᠡ ᠨᠡᠮᠡᠭᠳᠡᠵᠦ᠂ ᠴᠢᠰᠤᠨ ᠳᠠᠷᠤᠯᠲᠠ ᠬᠡᠯᠪᠡᠯᠵᠡᠳᠡᠭ | ᠲᠤᠯᠠ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠡᠭᠦᠰᠬᠡᠬᠦ ᠡᠷᠡᠰᠳᠡᠯ ᠲᠠᠢ᠃ | 4. ᠬᠥᠯᠥᠷᠡᠭᠰᠡᠨ ᠤ ᠳᠠᠷᠠᠭ᠎ᠠ ᠬᠦᠢᠲᠡᠨ ᠤᠰᠤ ᠪᠠᠷ ᠪᠡᠶ᠎ᠡ ᠪᠠᠨ ᠤᠬᠢᠶᠠᠬᠤ᠃ ᠹᠦ᠋ ᠶᠢᠨ ᠬᠠᠯᠠᠭᠤᠨ ᠳᠤ | ᠬᠦᠢᠲᠡᠨ ᠤᠰᠤ ᠪᠠᠷ ᠪᠡᠶ᠎ᠡ ᠪᠠᠨ ᠤᠬᠢᠶᠠᠬᠤ ᠨᠢ ᠬᠥᠮᠥᠨ ᠤ ᠪᠡᠶ᠎ᠡ ᠳᠤ ᠭᠡᠨᠡᠳᠲᠡ ᠶᠢᠨ ᠰᠡᠳᠦᠯᠲᠡ ᠥᠭᠴᠦ᠂ | ᠴᠢᠰᠤᠨ ᠳᠠᠷᠤᠯᠲᠠ ᠶᠢ ᠨᠡᠮᠡᠭᠳᠡᠭᠦᠯᠦᠨ᠂ ᠰᠣᠴᠢᠮᠠᠭ ᠵᠢᠷᠦᠬᠡᠨ ᠪᠤᠯᠴᠢᠩ ᠤᠨ ᠲᠦᠭᠵᠢᠷᠡᠯ ᠡᠭᠦᠰᠬᠡᠵᠦ᠂ ᠠᠮᠢ | ᠨᠠᠰᠤᠨ ᠤ ᠡᠷᠡᠰᠳᠡᠯ ᠳᠤ ᠬᠦᠷᠭᠡᠳᠡᠭ᠃ | 5. ᠬᠠᠯᠠᠭᠤᠨ ᠨᠠᠷᠠᠨ ᠳᠤ ᠳᠠᠯᠤ ᠮᠥᠷᠥ ᠪᠠᠨ ᠨᠢᠴᠦᠭᠦᠯᠡᠨ ᠶᠠᠪᠤᠬᠤ᠃ ᠵᠤᠨ ᠤ ᠬᠠᠯᠠᠭᠤᠨ ᠳᠤ ᠪᠡᠶ᠎ᠡ | ᠬᠥᠯᠥᠷᠡᠵᠦ᠂ ᠰᠢᠷ᠎ᠠ ᠦᠰᠦᠨ ᠤ ᠰᠦᠪᠡ ᠨᠡᠭᠡᠭᠡᠭᠳᠡᠭᠰᠡᠨ ᠤ ᠳᠠᠷᠠᠭ᠎ᠠ ᠬᠦᠷᠢᠨ ᠤ ᠭᠠᠳᠠᠨᠠᠬᠢ ᠲᠤᠶᠠᠭᠠᠨ ᠳᠤ ᠤᠷᠲᠤ | ᠬᠤᠭᠤᠴᠠᠭ᠎ᠠ ᠰᠢᠷᠠᠪᠠᠯ᠂ ᠤᠰᠤᠨ ᠬᠠᠪᠤᠩ᠂ ᠲᠡᠷᠡᠴᠢᠯᠡᠨ ᠪᠥᠭᠡᠷᠡᠨ ᠤ ᠡᠪᠡᠳᠴᠢᠨ ᠡᠭᠦᠰᠬᠡᠳᠡᠭ᠃ |