ᠳᠠᠪᠤᠰᠤ ᠠᠷᠪᠢᠨ ᠢᠳᠡᠬᠦ ᠨᠢ ᠬᠥᠮᠥᠨ ᠤ ᠪᠡᠶ᠎ᠡ ᠳᠤ ᠮᠠᠰᠢ ᠮᠠᠭᠤ ᠶᠤᠮ᠃ ᠡᠩ ᠤᠨ ᠪᠠᠶᠢᠳᠠᠯ ᠳᠤ᠂ ᠭᠤᠷᠪᠠᠨ | ᠬᠥᠮᠥᠨ ᠠᠮᠠ ᠲᠠᠢ ᠨᠢᠭᠡ ᠠᠶᠢᠯ ᠤᠨ ᠨᠢᠭᠡ ᠵᠢᠯ ᠳᠤ ᠢᠳᠡᠬᠦ ᠳᠠᠪᠤᠰᠤᠨ ᠤ ᠬᠡᠮᠵᠢᠶ᠎ᠡ 16 ᠤᠭᠤᠲᠠ ᠪᠠᠶᠢᠬᠤ | ᠶᠣᠰᠣᠲᠠᠢ ᠃ ᠭᠡᠪᠡᠴᠦ ᠣᠯᠠᠩᠬᠢ ᠬᠥᠮᠥᠰ ᠤᠨ ᠳᠠᠪᠤᠰᠤ ᠢᠳᠡᠬᠦ ᠬᠡᠮᠵᠢᠶ᠎ᠡ ᠡᠭᠦᠨ ᠠᠴᠠ ᠬᠤᠯᠠ ᠬᠡᠲᠦᠷᠡᠵᠦ | ᠪᠠᠶᠢᠨ᠎ᠠ᠃ | ᠨᠢᠭᠡᠨ ᠪᠠᠶᠢᠴᠠᠭᠠᠯᠲᠠ ᠶᠢᠨ ᠲᠤᠭ᠎ᠠ ᠪᠠᠷᠢᠮᠲᠠ ᠠᠴᠠ ᠦᠵᠡᠪᠡᠯ᠂ ᠮᠠᠨ ᠤ ᠤᠯᠤᠰ ᠤᠨ ᠡᠮᠦᠨᠡᠲᠦ ᠣᠷᠣᠨ ᠤ | ᠬᠥᠮᠥᠰ ᠤᠨ ᠡᠳᠦᠷ ᠪᠦᠷᠢ ᠶᠢᠨ ᠢᠳᠡᠬᠦ ᠳᠠᠪᠤᠰᠤᠨ ᠤ ᠬᠡᠮᠵᠢᠶ᠎ᠡ ᠲᠡᠭᠰᠢᠳᠬᠡᠭᠡᠳ 8-10 ᠭᠷᠡᠮ ᠪᠠᠶᠢᠵᠤ᠂ ᠤᠮᠠᠷᠠᠲᠤ | ᠣᠷᠣᠨ ᠤ ᠬᠥᠮᠥᠰ ᠤᠨ ᠡᠳᠦᠷ ᠪᠦᠷᠢ ᠶᠢᠨ ᠢᠳᠡᠬᠦ ᠳᠠᠪᠤᠰᠤᠨ ᠤ ᠬᠡᠮᠵᠢᠶ᠎ᠡ ᠲᠡᠭᠰᠢᠳᠬᠡᠭᠡᠳ 18 ᠭᠷᠡᠮ ᠳᠤ ᠬᠦᠷᠴᠦ | ᠪᠤᠶ᠃ ᠪᠠᠰᠠ ᠵᠠᠷᠢᠮ ᠳᠠᠪᠤᠰᠤ ᠴᠢᠩᠭ᠎ᠠ ᠢᠳᠡᠳᠡᠭ ᠳᠠᠳᠬᠠᠯ ᠲᠠᠢ ᠬᠥᠮᠥᠰ ᠤᠨ ᠡᠳᠦᠷ ᠪᠦᠷᠢ ᠶᠢᠨ ᠢᠳᠡᠬᠦ | ᠳᠠᠪᠤᠰᠤᠨ ᠤ ᠬᠡᠮᠵᠢᠶ᠎ᠡ 20-25 ᠭᠷᠡᠮ ᠳᠤ ᠬᠦᠷᠴᠦ ᠪᠠᠶᠢᠨ᠎ᠠ᠃ ᠲᠡᠭᠰᠢᠳᠬᠡᠭᠡᠳ ᠪᠤᠳᠣᠪᠠᠯ ᠮᠠᠨ ᠤ ᠤᠯᠤᠰ ᠤᠨ | ᠬᠥᠮᠥᠨ ᠡᠳᠦᠷ ᠪᠦᠷᠢ 14.5 ᠭᠷᠡᠮ ᠳᠠᠪᠤᠰᠤ ᠢᠳᠡᠵᠦ ᠪᠠᠶᠢᠨ᠎ᠠ᠃ ᠳᠠᠪᠤᠰᠤ ᠶᠢ ᠬᠡᠲᠦᠷᠡᠲᠡᠯ᠎ᠡ ᠢᠳᠡᠪᠡᠯ ᠠᠮᠠ | ᠬᠠᠳᠠᠬᠤ᠂ ᠦᠢᠯᠡ ᠬᠥᠳᠡᠯᠭᠡᠭᠡᠨ ᠤᠳᠠᠭᠠᠰᠢᠷᠠᠬᠤ᠂ ᠭᠠᠷ ᠤᠨ ᠬᠤᠷᠤᠭᠤ ᠮᠤᠬᠤᠶᠢᠵᠤ ᠪᠦᠳᠦᠭᠦᠷᠡᠬᠦ᠂ ᠲᠣᠯᠣᠭᠠᠢ | ᠡᠪᠡᠳᠬᠦ᠂ ᠪᠠᠶᠢᠩᠭᠤ ᠰᠢᠭᠡᠰᠦ ᠬᠦᠷᠬᠦ ᠵᠡᠷᠭᠡ ᠢᠯᠡᠷᠡᠯ ᠭᠠᠷᠳᠠᠭ᠃ ᠳᠠᠪᠤᠰᠤ ᠠᠷᠪᠢᠨ ᠢᠳᠡᠭᠰᠡᠨ ᠠᠴᠠ ᠪᠣᠯᠵᠤ | ᠴᠢᠰᠤᠨ ᠳᠠᠷᠤᠯᠲᠠ ᠥᠨᠳᠥᠷᠵᠢᠬᠦ ᠠᠴᠠ ᠭᠠᠳᠠᠨ᠎ᠠ᠂ ᠬᠤᠳᠣᠭᠤᠳᠤᠨ ᠤ ᠥᠮᠡᠨ᠂ ᠮᠠᠷᠢᠶᠠᠯᠠᠬᠤ᠂ ᠵᠢᠷᠦᠬᠡᠨ ᠲᠠᠮᠢᠷ ᠢ | ᠮᠠᠭᠤᠳᠠᠭᠤᠯᠬᠤ᠂ ᠶᠠᠰᠤ ᠰᠡᠶᠢᠷᠡᠭᠵᠢᠭᠦᠯᠬᠦ ᠵᠡᠷᠭᠡ ᠡᠪᠡᠳᠴᠢᠨ ᠢ ᠡᠭᠦᠰᠬᠡᠬᠦ ᠠᠶᠤᠯ ᠲᠠᠢ᠃ ᠡᠶᠢᠮᠦ ᠠᠴᠠ ᠳᠠᠪᠤᠰᠤ ᠶᠢ | ᠬᠡᠮᠵᠢᠶ᠎ᠡ ᠲᠠᠢ ᠢᠳᠡᠪᠡᠯ ᠵᠣᠬᠢᠨ᠎ᠠ᠃ | 1. ᠬᠤᠭᠤᠯᠠ ᠬᠢᠬᠦ ᠳᠡᠭᠡᠨ ᠼᠤᠤ᠂ ᠨᠢᠮᠪᠡᠭᠡ ᠶᠢᠨ ᠰᠢᠭᠦᠰᠦ ᠵᠡᠷᠭᠡ ᠬᠦᠴᠢᠯᠯᠢᠭ ᠠᠮᠲᠠ | ᠲᠣᠬᠢᠷᠠᠭᠤᠯᠤᠭᠴᠢ ᠪᠠᠷ ᠳᠠᠪᠤᠰᠤ ᠪᠣᠯᠣᠨ ᠵᠢᠶᠠᠩᠶ᠋ᠢᠦ ᠶᠢ ᠣᠷᠣᠯᠠᠭᠤᠯᠵᠤ ᠬᠡᠷᠡᠭᠯᠡᠨ᠎ᠡ᠃ | 2. ᠵᠢᠩᠨᠡᠬᠦ᠂ ᠰᠢᠷᠠᠬᠤ᠂ ᠴᠢᠨᠠᠬᠤ ᠵᠡᠷᠭᠡ ᠠᠷᠭ᠎ᠠ ᠶᠢ ᠬᠡᠷᠡᠭᠯᠡᠵᠦ᠂ ᠳᠠᠪᠤᠰᠤ ᠪᠠᠭ᠎ᠠ ᠬᠢᠨ᠎ᠡ᠃ ᠳᠠᠪᠤᠰᠤ | ᠬᠢᠭᠰᠡᠨ ᠱᠥᠯᠥ ᠲᠠᠢ ᠬᠤᠭᠤᠯᠠᠨ ᠤ ᠪᠠᠨ ᠱᠥᠯᠥ ᠶᠢ ᠪᠤᠯᠬᠤ ᠶᠢᠨ ᠳᠣᠲᠣᠷ᠎ᠠ ᠤᠤᠭᠤᠬᠤ ᠦᠭᠡᠢ᠃ | 3. ᠣᠷᠣᠰ ᠰᠣᠩᠭᠢᠨ᠎ᠠ᠂ ᠲᠥᠪᠡᠳ ᠬᠠᠰᠢ᠂ ᠰᠢᠷ᠎ᠠ ᠯᠤᠤᠪᠠᠩ ᠵᠡᠷᠭᠡ ᠠᠮᠲᠠᠲᠠᠢ ᠨᠣᠭᠤᠭ᠎ᠠ ᠴᠠᠭ᠎ᠠ ᠶᠢ | ᠢᠯᠡᠭᠦᠦ ᠢᠳᠡᠨ᠎ᠡ᠃ | 4. ᠰᠡᠷᠢᠭᠦᠨ ᠨᠣᠭᠤᠭ᠎ᠠ ᠬᠢᠬᠦ ᠳᠡᠭᠡᠨ ᠳᠠᠪᠤᠰᠤ ᠶᠢ ᠬᠠᠮᠤᠭ ᠤᠨ ᠰᠡᠭᠦᠯ ᠳᠤ ᠬᠢᠨ᠎ᠡ᠃ ᠪᠠᠭ᠎ᠠ ᠳᠠᠪᠤᠰᠤ | ᠰᠠᠴᠤᠭᠰᠠᠨ ᠤ ᠳᠠᠷᠠᠭ᠎ᠠ ᠼᠤᠤ ᠬᠢᠪᠡᠯ ᠠᠮᠲᠠ ᠨᠢ ᠰᠠᠶᠢᠬᠠᠨ ᠪᠤᠯᠳᠠᠭ᠃ | 5. ᠵᠢᠶᠠᠩᠶ᠋ᠢᠦ ᠵᠡᠷᠭᠡ ᠠᠮᠲᠠ ᠲᠣᠬᠢᠷᠠᠭᠤᠯᠤᠭᠴᠢ ᠶᠢ ᠬᠡᠷᠡᠭᠯᠡᠵᠦ ᠬᠤᠭᠤᠯᠠ ᠬᠢᠬᠦ ᠳᠡᠭᠡᠨ ᠪᠠᠭ᠎ᠠ ᠪᠠᠭ᠎ᠠ ᠪᠠᠷ | ᠳᠤᠰᠤᠭᠠᠨ᠎ᠠ᠃ ᠬᠠᠷᠢᠨ ᠨᠢᠭᠡ ᠯᠡ ᠳᠣᠣᠷ᠎ᠠ ᠬᠢᠬᠦ ᠦᠭᠡᠢ᠃ | 6. ᠠᠯᠢᠪᠠ ᠬᠤᠭᠤᠯᠠᠨ ᠳᠤ ᠪᠦᠷ ᠳᠠᠪᠤᠰᠤ ᠬᠢᠬᠦ ᠠᠯᠪᠠ ᠦᠭᠡᠢ᠃ ᠨᠢᠭᠡ ᠡᠷᠡᠨ ᠤ ᠬᠤᠭᠤᠯᠠ ᠶᠢᠨ | ᠬᠠᠮᠤᠭ ᠤᠨ ᠰᠡᠭᠦᠯ ᠳᠤ ᠤᠤᠭᠤᠬᠤ ᠱᠥᠯᠥᠨ ᠳᠡᠭᠡᠨ ᠳᠠᠪᠤᠰᠤ ᠬᠢᠬᠦ ᠦᠭᠡᠢ ᠪᠠᠶᠢᠵᠤ ᠪᠣᠯᠣᠨ᠎ᠠ᠃ |