ᠲᠣᠰ ᠺᠣᠮᠫᠠᠨᠢ ᠪᠡᠯᠡ ᠣᠷᠣᠭᠤᠯᠵᠤ ᠪᠦᠲᠦᠭᠡᠨ ᠪᠠᠶᠢᠭᠤᠯᠤᠭᠰᠠᠨ ᠣᠷᠴᠢᠨ ᠲᠣᠭᠤᠷᠢᠨ ᠤ ᠬᠠᠮᠠᠭᠠᠯᠠᠯᠲᠠ ᠶᠢᠨ | ᠰᠢᠨ᠎ᠡ ᠮᠠᠲ᠋ᠧᠷᠢᠶᠠᠯ ᠤᠨ ᠲᠥᠷᠥᠯ ᠵᠦᠢᠯ ᠤᠨ ᠶᠡᠷᠦᠩᠬᠡᠢ ᠪᠡᠯᠡ ᠣᠷᠣᠭᠤᠯᠤᠯᠲᠠ 29.2 ᠳ᠋ᠦᠩᠰᠢᠭᠤᠷ ᠲᠥᠭᠦᠷᠢᠭ᠂ | ᠨᠢᠭᠡᠳᠦᠭᠡᠷ᠂ ᠬᠤᠶᠠᠳᠤᠭᠠᠷ ᠬᠤᠭᠤᠴᠠᠭᠠᠨ ᠤ ᠪᠡᠯᠡ ᠣᠷᠣᠭᠤᠯᠤᠯᠲᠠ ᠨᠢ ᠲᠤᠰ ᠲᠤᠰ 10 ᠲᠦᠮᠡᠨ ᠲᠣᠨ᠂ ᠨᠡᠶᠢᠲᠡ | 20 ᠲᠦᠮᠡᠨ ᠲᠣᠨ ᠪᠦᠲᠦᠭᠡᠨ ᠪᠠᠶᠢᠭᠤᠯᠵᠤ᠂ ᠲᠤᠰ ᠲᠥᠷᠥᠯ ᠵᠦᠢᠯ ᠤᠨ ᠦᠢᠯᠡᠳᠪᠦᠷᠢᠯᠡᠯ ᠤᠨ ᠲᠥᠬᠦᠭᠡᠷᠦᠮᠵᠢ ᠶᠢ | 560 ᠬᠡᠯᠪᠡᠷᠢ ᠶᠢᠨ ᠰᠯᠧᠫ ᠤᠨ ᠢᠳᠡᠪᠬᠢᠵᠢᠭᠦᠯᠦᠭᠰᠡᠨ ᠵᠤᠤᠬ᠎ᠠ᠂ ᠦᠯᠡᠳᠡᠪᠦᠷᠢ ᠢᠯᠴᠢ ᠶᠢ ᠡᠭᠡᠭᠦᠯᠦᠨ ᠬᠤᠷᠢᠶᠠᠬᠤ | ᠰᠢᠰᠲ᠋ᠧᠮ ᠳᠤ 3 × 560-SLEP ᠶᠢᠨ ᠢᠳᠡᠪᠬᠢᠵᠢᠭᠦᠯᠦᠭᠰᠡᠨ ᠦᠯᠡᠳᠡᠪᠦᠷᠢ ᠢᠯᠴᠢ ᠶᠢᠨ ᠵᠤᠤᠬ᠎ᠠ ᠶᠢᠨ | ᠰᠢᠰᠲ᠋ᠧᠮ ᠢ ᠬᠡᠷᠡᠭᠯᠡᠵᠦ᠂ ᠬᠦᠬᠦᠷ ᠥᠬᠡᠶᠢᠳᠡᠭᠦᠯᠬᠦ ᠱᠡᠦ ᠥᠬᠡᠶᠢᠳᠡᠭᠦᠯᠬᠦ ᠰᠢᠰᠲ᠋ᠧᠮ ᠳᠤ ︽ᠥᠨᠳᠥᠷ ᠪᠦᠲᠦᠮᠵᠢᠲᠡᠶ | ᠬᠠᠭᠤᠷᠠᠶ ᠠᠷᠭ᠎ᠠ ᠪᠠᠷ ᠬᠦᠬᠦᠷ ᠥᠬᠡᠶᠢᠳᠡᠭᠦᠯᠬᠦ + ᠲᠠᠶᠢᠸᠠᠨ ᠣᠷᠣᠨ ᠤ ᠱᠡᠦ ᠥᠬᠡᠶᠢᠳᠡᠭᠦᠯᠦᠨ ᠲᠣᠭᠤᠰᠣ | ᠠᠷᠢᠯᠭᠠᠬᠤ ᠨᠢᠭᠡ ᠴᠣᠭᠴᠠᠵᠢᠭᠤᠯᠤᠭᠰᠠᠨ ᠸᠠᠭᠠᠷ ᠱᠠᠭᠠᠵᠠᠩ ᠤᠨ ᠬᠤᠭᠤᠯᠠᠢ︾ ᠬᠡᠷᠡᠭᠯᠡᠬᠦ ᠮᠡᠷᠭᠡᠰᠢᠯ ᠢ ᠬᠡᠷᠡᠭᠯᠡᠵᠦ᠂ | ᠬᠡᠢ ᠭᠠᠳᠠᠭᠰᠢᠯᠠᠭᠤᠯᠬᠤ ᠶᠢ ᠬᠡᠲᠦ ᠳᠣᠤᠷ᠎ᠠ ᠭᠠᠳᠠᠭᠰᠢᠯᠠᠭᠤᠯᠬᠤ ᠪᠠᠷᠢᠮᠵᠢᠶ᠎ᠠ ᠳᠤ ᠬᠦᠷᠴᠦ ᠪᠣᠯᠤᠨ᠎ᠠ᠃ | ᠣᠲᠣ ᠪᠣᠯᠲᠠᠯ᠎ᠠ᠂ ᠡᠭᠦᠨ ᠳᠤ ᠨᠢᠭᠡᠳᠦᠭᠡᠷ ᠬᠤᠭᠤᠴᠠᠭᠠᠨ ᠤ ᠲᠥᠷᠥᠯ ᠵᠦᠢᠯ ᠤᠨ ᠡᠮᠦᠨᠡᠬᠢ ᠬᠤᠭᠤᠴᠠᠭᠠᠨ ᠤ | ᠭᠠᠷᠳᠠᠮ ᠢ ᠪᠦᠬᠦᠨ ᠢ ᠭᠦᠢᠴᠡᠳᠭᠡᠵᠦ ᠳᠠᠭᠤᠰᠬᠠᠨ᠂ ᠵᠢᠩᠬᠢᠨᠢ ᠪᠠᠷ ᠴᠠᠬᠢᠯᠭᠠᠨ ᠬᠡᠷᠡᠭᠯᠡᠬᠦ ᠪᠠᠷᠢᠯᠭ᠎ᠠ᠂ ᠮᠠᠰᠢᠨ | ᠪᠣᠯᠪᠠᠰᠤᠷᠠᠭᠤᠯᠬᠤ ᠲᠠᠰᠤᠭ᠂ ᠠᠮᠢᠳᠤ ᠵᠤᠤᠬ᠎ᠠ᠂ ᠦᠯᠡᠳᠡᠪᠦᠷᠢ ᠢᠯᠴᠢ ᠶᠢᠨ ᠭᠦᠸᠧᠯᠦ᠂ ᠬᠦᠬᠦᠷ ᠥᠬᠡᠶᠢᠳᠡᠭᠦᠯᠬᠦ | ᠰᠢᠰᠲ᠋ᠧᠮ ᠵᠢᠴᠢ ᠲᠥᠷᠥᠯ ᠵᠦᠢᠯ ᠤᠨ ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢ ᠴᠥᠮ ᠪᠡᠶᠡᠯᠡᠭᠦᠯᠵᠦ᠂ ᠶᠠᠭ | ᠪᠠᠷᠢᠯᠭ᠎ᠠ ᠳᠠᠭᠤᠰᠴᠤ ᠰᠢᠯᠭᠠᠨ ᠠᠪᠬᠤ ᠭᠠᠷᠳᠠᠮ ᠪᠠ ᠪᠣᠬᠢᠷᠲᠤᠯ ᠭᠠᠳᠠᠭᠰᠢᠯᠠᠭᠤᠯᠬᠤ ᠵᠥᠪᠰᠢᠶᠡᠷᠡᠯ ᠤᠨ ᠦᠨᠡᠮᠯᠡᠯ ᠢ | ᠭᠦᠢᠴᠡᠳᠭᠡᠵᠦ᠂ ᠵᠢᠱᠢᠯᠲᠡ ᠪᠠᠷ 8 ᠰᠠᠷ᠎ᠠ ᠶᠢᠨ ᠳᠤᠮᠳᠠᠴᠢ ᠪᠠᠷ ᠠᠰᠢᠭᠯᠠᠯᠲᠠ ᠳᠤ ᠣᠷᠣᠭᠤᠯᠬᠤ ᠪᠣᠯᠤᠨ᠎ᠠ᠃ | ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠱᠢᠯᠲᠡ ᠪᠠᠷ ᠵᠢᠯ ᠤᠨ ᠦᠢᠯᠡᠳᠬᠦᠨ ᠤ ᠥᠷᠲᠡᠭ ᠢ 3 | ᠳ᠋ᠦᠩᠰᠢᠭᠤᠷ ᠪᠡᠶᠡᠯᠡᠭᠦᠯᠵᠦ᠂ ᠭᠠᠵᠠᠷ ᠣᠷᠣᠨ ᠳᠤ 0.65 ᠳ᠋ᠦᠩᠰᠢᠭᠤᠷ ᠲᠥᠭᠦᠷᠢᠭ ᠤᠨ ᠠᠰᠢᠭ ᠭᠠᠶᠢᠯᠢ | ᠲᠤᠰᠢᠶᠠᠵᠤ᠂ 150 - 200 ᠬᠥᠮᠦᠨ ᠳᠤ ᠠᠵᠢᠯ ᠣᠯᠭᠤᠬᠤ ᠪᠣᠯᠤᠨ᠎ᠠ᠃ | |