ᠪᠠᠶᠢᠭᠤᠯᠤᠮᠵᠢ ᠶᠢᠨ ᠡᠷᠬᠡ ᠴᠢᠳᠠᠪᠤᠷᠢ | ᠦᠬᠠᠢ ᠬᠤᠲᠠ ᠶᠢᠨ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ | ᠪᠣᠯ ᠤᠳᠠ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠵᠢᠯ ᠤᠨ ᠰᠠᠯᠠᠭ᠎ᠠ ᠮᠥᠴᠢᠷ ᠪᠠᠶᠢᠵᠤ᠂ ᠵᠢᠩᠬᠢᠨᠢ | ᠰᠠᠯᠠᠭᠠᠨ ᠤ ᠲᠠᠰ ᠪᠣᠯᠣᠨ᠎ᠠ᠃ ᠦᠬᠠᠢ ᠬᠤᠲᠠ ᠶᠢᠨ ᠤᠳᠠ ᠲᠣᠭᠤᠷᠢᠭ ᠤᠨ ᠮᠡᠳᠡᠯᠭᠡ ᠶᠢᠨ ᠪᠦᠲᠦᠭᠡᠭᠳᠡᠬᠦᠨ ᠤ | ᠥᠮᠴᠢᠯᠡᠬᠦ ᠡᠷᠬᠡ ᠶᠢᠨ ᠲᠣᠪᠴᠢᠶ᠎ᠠ ᠶᠢᠨ ᠫᠠᠶᠢᠰᠠ ᠶᠢ ᠨᠡᠮᠡᠵᠦ ᠡᠯᠭᠦᠪᠡ᠃ | ᠨᠢᠭᠡ᠂ ᠭᠤᠣᠯ ᠡᠭᠦᠷᠭᠡ ᠬᠠᠷᠢᠭᠤᠴᠠᠯᠭ᠎ᠠ | ᠦᠬᠠᠢ ᠬᠤᠲᠠ ᠶᠢᠨ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠲᠣᠪᠴᠢᠶ᠎ᠠ ᠶᠢᠨ ᠭᠤᠣᠯ ᠡᠭᠦᠷᠭᠡ ᠬᠠᠷᠢᠭᠤᠴᠠᠯᠭ᠎ᠠ ᠳᠤ ᠲᠣᠬᠢᠷᠠᠭᠤᠯᠤᠯᠲᠠ ᠬᠢᠪᠡ᠄ | ︵ᠨᠢᠭᠡ︶ ᠵᠠᠬ᠎ᠠ ᠳᠡᠯᠭᠡᠭᠦᠷ ᠤᠨ ᠶᠡᠷᠦᠩᠬᠡᠶᠢᠯᠡᠭᠰᠡᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠨᠠᠮ ᠪᠠ | ᠤᠯᠤᠰ ᠤᠨ ᠬᠤᠯᠪᠣᠭᠳᠠᠯ ᠪᠦᠬᠦᠢ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠠᠵᠢᠯ ᠤᠨ ᠴᠢᠭᠯᠡᠯᠲᠡ᠂ | ᠲᠥᠷᠥ ᠶᠢᠨ ᠪᠣᠳᠣᠯᠭ᠎ᠠ ᠪᠠ ᠬᠠᠤᠯᠢ ᠴᠠᠭᠠᠵᠠ ᠬᠠᠤᠯᠢ ᠲᠣᠭᠲᠠᠭᠠᠯ ᠵᠢᠴᠢ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶᠠᠨ ᠤ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ᠂ ᠬᠤᠲᠠ ᠶᠢᠨ ᠨᠠᠮ ᠤᠨ ᠬᠤᠷᠢᠶᠠᠨ ᠤ ᠠᠵᠢᠯ ᠤᠨ | ᠱᠠᠭᠠᠷᠳᠠᠯᠭ᠎ᠠ ᠪᠠ ᠲᠤᠭᠤᠷᠢᠭ ᠤᠨ ᠨᠠᠮ ᠤᠨ ᠬᠤᠷᠢᠶᠠᠨ ᠤ ᠬᠠᠮᠢᠶ᠎ᠠ ᠪᠦᠬᠦᠢ ᠠᠵᠢᠯ ᠤᠨ ᠲᠣᠬᠢᠷᠠᠭᠤᠯᠤᠯᠲᠠ ᠶᠢ | ᠲᠤᠤᠱᠯᠠᠭᠤᠯᠤᠨ ᠬᠡᠷᠡᠭᠵᠢᠭᠦᠯᠵᠦ᠂ ᠬᠠᠮᠢᠶ᠎ᠠ ᠪᠦᠬᠦᠢ ᠪᠠᠷᠢᠮᠵᠢᠶ᠎ᠠ ᠶᠢ ᠬᠡᠷᠡᠭᠵᠢᠭᠦᠯᠦᠨ᠎ᠡ᠃ ᠬᠤᠯᠪᠣᠭᠳᠠᠯ ᠪᠦᠬᠦᠢ | ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠲᠤᠭᠤᠷᠪᠢᠵᠤ᠂ ᠶᠠᠰᠤ ᠴᠢᠨᠠᠷ ᠢᠶᠠᠷ ᠲᠤᠭᠤᠷᠢᠭ ᠤᠨ ᠬᠦᠴᠦᠷᠬᠡᠭᠵᠢᠭᠦᠯᠬᠦ᠂ | ᠢᠳᠡᠭᠡᠨ ᠪᠠ ᠡᠮ ᠤᠨ ᠵᠦᠢᠯ ᠤᠨ ᠠᠶᠤᠯ ᠦᠭᠡᠢ ᠪᠠ ᠪᠠᠷᠢᠮᠵᠢᠶᠠᠵᠢᠭᠤᠯᠬᠤ ᠵᠡᠷᠭᠡ ᠪᠠᠶᠢᠯᠳᠤᠬᠤ ᠪᠣᠳᠣᠯᠭ᠎ᠠ ᠶᠢ | ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠬᠤᠯᠪᠣᠭᠳᠠᠯ ᠪᠦᠬᠦᠢ ᠲᠥᠯᠦᠪᠵᠢᠭᠦᠯᠭᠡ ᠶᠢ ᠲᠤᠭᠤᠷᠪᠢᠨ | ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠵᠠᠬ᠎ᠠ ᠳᠡᠯᠭᠡᠭᠦᠷ ᠤᠨ ᠡᠮᠬᠢ ᠵᠢᠷᠤᠮ ᠢ | ᠵᠢᠷᠤᠮᠵᠢᠭᠤᠯᠤᠨ ᠬᠠᠮᠠᠭᠠᠯᠠᠵᠤ᠂ ᠦᠨᠡᠨᠴᠢ ᠢᠲᠡᠭᠡᠮᠵᠢᠲᠡᠢ ᠪᠠᠶᠢᠬᠤ᠂ ᠭᠤᠣᠯᠴᠢ ᠪᠠᠷ ᠥᠷᠢᠰᠦᠯᠳᠦᠬᠦ ᠵᠠᠬ᠎ᠠ | ᠳᠡᠯᠭᠡᠭᠦᠷ ᠤᠨ ᠣᠷᠴᠢᠨ ᠨᠥᠬᠦᠴᠡᠯ ᠢ ᠪᠤᠢ ᠪᠣᠯᠭᠠᠨ᠎ᠠ᠃ | ︵ᠬᠤᠶᠠᠷ︶ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠨᠢᠭᠡᠳᠦᠯᠲᠡᠢ ᠪᠦᠷᠢᠳᠬᠡᠨ ᠳᠠᠩᠰᠠᠯᠠᠬᠤ ᠶᠢ | ᠬᠠᠷᠢᠭᠤᠴᠠᠨ᠎ᠠ᠃ ᠡᠯ᠎ᠡ ᠲᠥᠷᠥᠯ ᠤᠨ ᠠᠵᠤ ᠠᠬᠤᠶᠢᠯᠠᠯ᠂ ᠮᠠᠯᠴᠢᠨ ᠲᠠᠷᠢᠶᠠᠴᠢᠨ ᠤ ᠲᠤᠰᠬᠠᠢ ᠠᠵᠢᠯ ᠤᠨ ᠬᠤᠷᠰᠢᠶ᠎ᠠ | ᠪᠣᠯᠣᠨ ᠡᠵᠡᠩᠨᠡᠯᠲᠡ ᠶᠢᠨ ᠠᠵᠢᠯᠯᠠᠭ᠎ᠠ ᠡᠷᠭᠢᠯᠡᠵᠦ ᠪᠠᠶᠢᠭ᠎ᠠ ᠨᠢᠭᠡᠴᠡ᠂ ᠬᠤᠪᠢ ᠶᠢᠨ ᠠᠵᠤ ᠦᠢᠯᠡᠳᠪᠦᠷᠢ | ᠬᠤᠳᠠᠯᠳᠤᠭᠠᠨ ᠤ ᠡᠷᠦᠬᠡ ᠵᠡᠷᠭᠡ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠪᠦᠷᠢᠳᠬᠡᠨ ᠳᠠᠩᠰᠠᠯᠠᠬᠤ ᠠᠵᠢᠯ ᠢ | ᠵᠢᠯᠣᠭᠤᠳᠤᠨ᠎ᠠ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠮᠡᠳᠡᠭᠡ ᠵᠠᠩᠭᠢ ᠶᠢ ᠢᠯᠡ ᠨᠡᠶᠢᠲᠡᠯᠡᠬᠦ ᠪᠠ ᠬᠠᠮᠲᠤᠪᠠᠷ | ᠭᠥᠷᠳᠡᠬᠦ ᠲᠣᠭᠲᠠᠴᠠ ᠶᠢ ᠪᠠᠶᠢᠭᠤᠯᠵᠤ᠂ ᠬᠤᠯᠪᠣᠭᠳᠠᠯ ᠪᠦᠬᠦᠢ ᠮᠡᠳᠡᠭᠡ ᠵᠠᠩᠭᠢ ᠶᠢ ᠬᠠᠤᠯᠢ ᠶᠣᠰᠣᠭᠠᠷ ᠢᠯᠡ | ᠨᠡᠶᠢᠲᠡᠯᠡᠬᠦ ᠪᠠ ᠬᠠᠮᠲᠤᠪᠠᠷ ᠭᠥᠷᠳᠡᠵᠦ᠂ ᠢᠲᠡᠭᠡᠮᠵᠢ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠂ ᠵᠠᠬ᠎ᠠ | ᠳᠡᠯᠭᠡᠭᠦᠷ ᠤᠨ ᠭᠤᠣᠯ ᠴᠣᠭᠴᠠ ᠶᠢᠨ ᠢᠲᠡᠭᠡᠮᠵᠢ ᠶᠢᠨ ᠰᠢᠰᠲ᠋ᠧᠮᠵᠢ ᠶᠢᠨ ᠪᠠᠶᠢᠭᠤᠯᠤᠯᠲᠠ ᠶᠢ ᠠᠬᠢᠭᠤᠯᠤᠨ᠎ᠠ᠃ | ︵ᠭᠤᠷᠪᠠ︶ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶᠢᠯᠡᠭᠰᠡᠨ | ᠬᠠᠤᠯᠢ ᠬᠡᠷᠡᠭᠵᠢᠭᠦᠯᠬᠦ ᠠᠵᠢᠯ ᠳᠤ ᠬᠢᠨᠠᠯᠲᠠ ᠲᠠᠯᠪᠢᠵᠤ ᠵᠢᠯᠤᠭᠤᠳᠬᠤ᠂ ᠨᠢᠭᠡᠳᠦᠯᠲᠡᠢ ᠲᠥᠯᠥᠪᠯᠡᠨ ᠵᠣᠬᠢᠴᠠᠭᠤᠯᠬᠤ ᠶᠢ | ᠬᠠᠷᠢᠭᠤᠴᠠᠨ᠎ᠠ᠃ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶᠢᠯᠡᠭᠰᠡᠨ | ᠬᠠᠤᠯᠢ ᠬᠡᠷᠡᠭᠵᠢᠭᠦᠯᠬᠦ ᠡᠩᠨᠡᠭᠡ ᠶᠢ ᠡᠮᠬᠢᠯᠡᠨ ᠨᠡᠶᠢᠯᠡᠭᠦᠯᠬᠦ ᠪᠠ ᠪᠦᠲᠦᠭᠡᠨ ᠪᠠᠶᠢᠭᠤᠯᠬᠤ ᠶᠢ ᠵᠢᠯᠤᠭᠤᠳᠴᠤ᠂ | ᠨᠢᠭᠡᠳᠦᠯᠲᠡᠢ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢ ᠬᠡᠷᠡᠭᠵᠢᠭᠦᠯᠬᠦ ᠶᠢ ᠠᠬᠢᠭᠤᠯᠤᠨ᠎ᠠ᠃ ᠬᠠᠤᠯᠢ ᠠᠴᠠ | ᠵᠥᠷᠢᠴᠡᠭᠰᠡᠨ ᠬᠦᠨᠳᠦ ᠶᠡᠭᠡ ᠬᠡᠷᠡᠭ ᠢ ᠪᠠᠶᠢᠴᠠᠭᠠᠨ ᠰᠢᠢᠳᠪᠦᠷᠢᠯᠡᠬᠦ ᠶᠢ ᠵᠣᠬᠢᠶᠠᠨ ᠪᠠᠶᠢᠭᠤᠯᠵᠤ᠂ ᠣᠷᠣᠨ ᠪᠦᠰᠡ | ᠠᠯᠤᠰᠯᠠᠭᠰᠠᠨ ᠬᠠᠤᠯᠢ ᠠᠴᠠ ᠵᠥᠷᠢᠴᠡᠭᠰᠡᠨ ᠬᠡᠷᠡᠭ ᠢ ᠪᠠᠶᠢᠴᠠᠭᠠᠨ ᠰᠢᠢᠳᠪᠦᠷᠢᠯᠡᠵᠦ᠂ ᠰᠢᠮᠳᠠᠭᠤᠯᠤᠨ ᠰᠢᠢᠳᠪᠦᠷᠢᠯᠡᠬᠦ ᠶᠢ | ᠵᠣᠬᠢᠴᠠᠭᠤᠯᠤᠨ᠎ᠠ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ | ᠦᠢᠯᠡ ᠠᠵᠢᠯᠯᠠᠭ᠎ᠠ ᠶᠢ ᠵᠢᠷᠦᠮᠵᠢᠭᠤᠯᠤᠨ᠎ᠠ᠃ | ︵ᠳᠥᠷᠪᠡ︶ ᠥᠷᠢᠰᠦᠯᠳᠦᠭᠡᠨ ᠤ ᠲᠥᠷᠥ ᠶᠢᠨ ᠪᠣᠳᠣᠯᠭ᠎ᠠ ᠶᠢᠨ ᠬᠡᠷᠡᠭᠵᠢᠭᠦᠯᠦᠯᠲᠡ ᠶᠢ ᠨᠢᠭᠡᠳᠦᠯᠲᠡᠢ | ᠲᠥᠯᠥᠪᠯᠡᠨ ᠠᠬᠢᠭᠤᠯᠵᠤ᠂ ᠭᠤᠥᠯᠴᠢ ᠥᠷᠢᠰᠦᠯᠳᠦᠭᠡᠨ ᠤ ᠬᠢᠨᠠᠨ ᠪᠠᠶᠢᠴᠠᠭᠠᠬᠤ ᠳᠦᠷᠢᠮ ᠢ ᠬᠡᠷᠡᠭᠵᠢᠭᠦᠯᠬᠦ ᠶᠢ | ᠵᠢᠯᠣᠭᠤᠳᠤᠨ᠎ᠠ᠃ ᠥᠪᠡᠷᠲᠡᠭᠡᠨ ᠵᠠᠰᠠᠬᠤ ᠣᠷᠣᠨ᠂ ᠦᠬᠠᠢ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ ᠶᠢᠨ ᠨᠠᠶᠢᠳᠠᠯᠭ᠎ᠠ ᠶᠢ ᠦᠨᠳᠦᠰᠦᠯᠡᠨ᠂ ᠮᠣᠨᠣᠫᠣᠯᠢᠴᠢᠯᠠᠯ ᠢ ᠡᠰᠡᠷᠭᠦᠴᠡᠬᠦ ᠬᠠᠮᠢᠶ᠎ᠠ | ᠪᠦᠬᠦᠢ ᠪᠠᠶᠢᠴᠠᠭᠠᠯᠲᠠ ᠵᠡᠷᠭᠡ ᠠᠵᠢᠯ ᠢ ᠥᠷᠨᠢᠭᠦᠯᠦᠨ᠎ᠡ᠃ | ︵ᠲᠠᠪᠤ︶ ᠵᠠᠬ᠎ᠠ ᠳᠡᠯᠭᠡᠭᠦᠷ ᠤᠨ ᠡᠮᠬᠢ ᠳᠢᠭᠯᠢᠮ ᠳᠤ ᠬᠢᠨᠠᠯᠲᠠ ᠲᠠᠯᠪᠢᠵᠤ ᠬᠠᠮᠢᠶᠠᠷᠬᠤ ᠶᠢ ᠬᠠᠷᠢᠭᠤᠴᠠᠨ᠎ᠠ᠃ ᠵᠠᠬ᠎ᠠ | ᠳᠡᠯᠭᠡᠭᠦᠷ ᠤᠨ ᠡᠮᠬᠢ ᠳᠢᠭᠯᠢᠮ ᠢ ᠵᠢᠷᠤᠮᠵᠢᠭᠤᠯᠤᠨ ᠬᠠᠮᠠᠭᠠᠯᠠᠵᠤ᠂ ᠵᠠᠬ᠎ᠠ ᠳᠡᠯᠭᠡᠭᠦᠷ ᠤᠨ ᠠᠷᠠᠯᠵᠢᠶ᠎ᠠ᠂ ᠰᠦᠯᠵᠢᠶᠡᠨ ᠤ | ᠲᠠᠸᠠᠷ ᠤᠨ ᠠᠷᠠᠯᠵᠢᠶ᠎ᠠ ᠵᠢᠴᠢ ᠬᠤᠯᠪᠣᠭᠳᠠᠯ ᠪᠦᠬᠦᠢ ᠦᠢᠯᠡᠴᠢᠯᠡᠭᠡᠨ ᠤ ᠠᠵᠢᠯᠯᠠᠭ᠎ᠠ ᠶᠢ ᠬᠠᠤᠯᠢ ᠶᠣᠰᠣᠭᠠᠷ ᠬᠢᠨᠠᠵᠤ | ᠬᠠᠮᠢᠶᠠᠷᠤᠨ᠎ᠠ᠃ ᠦᠨ᠎ᠡ ᠬᠠᠩᠰᠢ ᠶᠢᠨ ᠰᠦᠢᠳᠬᠡᠯ ᠬᠤᠷᠢᠶᠠᠯᠲᠠ ᠶᠢᠨ ᠬᠠᠤᠯᠢ ᠲᠣᠭᠲᠠᠭᠠᠯ ᠠᠴᠠ ᠵᠥᠷᠢᠴᠡᠭᠰᠡᠨ᠂ ᠵᠦᠢ | ᠪᠤᠰᠤ ᠪᠠᠷ ᠥᠷᠢᠰᠦᠯᠳᠦᠬᠦ᠂ ᠬᠠᠤᠯᠢ ᠠᠴᠠ ᠵᠥᠷᠢᠴᠡᠨ ᠰᠢᠭᠤᠳ ᠪᠣᠷᠣᠯᠠᠭᠤᠯᠬᠤ᠂ ᠳᠠᠮᠵᠢᠭᠤᠯᠤᠨ ᠪᠣᠷᠣᠯᠠᠭᠤᠯᠬᠤ᠂ | ᠲᠠᠸᠠᠷ ᠤᠨ ᠲᠡᠮᠳᠡᠭ ᠤᠨ ᠲᠤᠰᠬᠠᠢ ᠠᠰᠢᠭ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠳᠤ ᠬᠠᠯᠳᠠᠬᠤ ᠪᠠ | ᠬᠤᠳᠠᠯ ᠬᠠᠭᠤᠷᠮᠠᠭ ᠴᠢᠨᠠᠷ ᠮᠠᠭᠤ ᠦᠢᠯᠡᠳᠦᠨ ᠪᠣᠷᠣᠯᠠᠭᠤᠯᠬᠤ ᠦᠶᠯᠡ ᠠᠵᠢᠯᠯᠠᠭ᠎ᠠ ᠶᠢ ᠵᠣᠬᠢᠶᠠᠨ ᠪᠠᠶᠢᠭᠤᠯᠤᠨ | ᠵᠢᠯᠤᠭᠤᠳᠴᠤ ᠪᠠᠶᠢᠴᠠᠭᠠᠨ ᠰᠢᠢᠳᠪᠦᠷᠢᠯᠡᠨ᠎ᠡ᠃ ᠵᠠᠷ ᠤᠨ ᠦᠢᠯᠡᠰ ᠤᠨ ᠬᠥᠭᠵᠢᠯᠲᠡ ᠶᠢ ᠵᠢᠯᠤᠭᠤᠳᠴᠤ᠂ ᠵᠠᠷ ᠤᠨ | ᠠᠵᠢᠯᠯᠠᠭ᠎ᠠ ᠶᠢ ᠬᠢᠨᠠᠵᠤ ᠬᠠᠮᠢᠶᠠᠷᠤᠨ᠎ᠠ᠃ ᠦᠨᠡᠮᠯᠡᠯ ᠦᠭᠡᠢ ᠪᠠᠷ ᠦᠢᠯᠡᠳᠪᠦᠷᠢᠯᠡᠵᠦ ᠡᠵᠡᠩᠨᠡᠬᠦ ᠪᠠ ᠬᠠᠮᠢᠶ᠎ᠠ ᠪᠦᠬᠦᠢ | ᠦᠨᠡᠮᠯᠡᠯ ᠦᠭᠡᠢ ᠪᠠᠷ ᠦᠢᠯᠡᠳᠪᠦᠷᠢᠯᠡᠵᠦ ᠡᠵᠡᠩᠨᠡᠬᠦ ᠦᠶᠯᠡ ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠬᠦ ᠶᠢ | ᠵᠢᠯᠣᠭᠤᠳᠤᠨ᠎ᠠ᠃ ᠦᠬᠠᠢ ᠬᠤᠲᠠ ᠶᠢᠨ ᠤᠳᠠ ᠲᠣᠭᠤᠷᠢᠭ ᠤᠨ ᠬᠡᠷᠡᠭᠯᠡᠭᠴᠢᠳ ᠤᠨ ᠨᠡᠶᠢᠭᠡᠮᠯᠢᠭ ᠤᠨ ᠠᠯᠪᠠᠨ ᠭᠡᠷ ᠤᠨ | ᠬᠡᠷᠡᠭᠯᠡᠭᠡᠨ ᠤ ᠡᠷᠬᠡ ᠪᠠᠨ ᠬᠠᠮᠠᠭᠠᠯᠠᠬᠤ ᠠᠵᠢᠯ ᠥᠷᠨᠢᠭᠦᠯᠬᠦ ᠶᠢ ᠵᠢᠯᠣᠭᠤᠳᠤᠨ᠎ᠠ᠃ | ︵ᠵᠢᠷᠭᠤᠭ᠎ᠠ︶ ᠬᠤᠷᠸ᠎ᠠ ᠶᠠᠰᠤ ᠴᠢᠨᠠᠷ ᠤᠨ ᠬᠠᠮᠢᠶᠠᠷᠤᠯᠲᠠ ᠶᠢ ᠬᠠᠷᠢᠭᠤᠴᠠᠨ᠎ᠠ᠃ ᠤᠳᠠ ᠲᠣᠭᠤᠷᠢᠭ ᠤᠨ ᠶᠠᠰᠤ | ᠴᠢᠨᠠᠷ ᠤᠨ ᠬᠥᠭᠵᠢᠯᠲᠡ ᠶᠢᠨ ᠳᠦᠷᠢᠮ ᠤᠨ ᠠᠷᠭ᠎ᠠ ᠬᠡᠮᠵᠢᠶ᠎ᠡ ᠶᠢ ᠲᠣᠭᠲᠠᠭᠠᠬᠤ ᠶᠢᠨ ᠬᠠᠮᠲᠤ ᠬᠡᠷᠡᠭᠵᠢᠭᠦᠯᠵᠦ᠂ ᠨᠠᠷᠠᠲᠤ | ᠲᠥᠷᠥᠯ ᠲᠡᠮᠳᠡᠭᠲᠦ ᠶᠢᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢ ᠠᠬᠢᠭᠤᠯᠤᠨ᠎ᠠ᠃ ᠶᠠᠰᠤ ᠴᠢᠨᠠᠷ ᠤᠨ ᠰᠠᠭᠤᠷᠢ | ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠬᠢᠭᠡᠳ ᠬᠡᠷᠡᠭᠯᠡᠯᠲᠡ ᠶᠢ ᠨᠢᠭᠡᠳᠦᠯᠲᠡᠢ ᠲᠥᠯᠥᠪᠯᠡᠨ᠂ ᠬᠤᠯᠪᠣᠭᠳᠠᠯ | ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠴᠢᠬᠤᠯᠠ ᠶᠡᠭᠡ ᠪᠠᠷᠢᠯᠭ᠎ᠠ ᠶᠢᠨ ᠲᠥᠬᠦᠭᠡᠷᠦᠮᠵᠢ ᠶᠢᠨ ᠶᠠᠰᠤ ᠴᠢᠨᠠᠷ ᠤᠨ | ᠬᠢᠨᠠᠯᠲᠠ ᠬᠠᠮᠢᠶᠠᠷᠤᠯᠲᠠ ᠶᠢᠨ ᠳᠦᠷᠢᠮ ᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠷᠬᠡ ᠮᠡᠳᠡᠯ ᠤᠨ ᠬᠡᠪᠴᠢᠶ᠎ᠡ | ᠶᠣᠰᠣᠭᠠᠷ ᠶᠠᠰᠤ ᠴᠢᠨᠠᠷ ᠤᠨ ᠠᠳᠡᠯ ᠤᠨ ᠪᠠᠶᠢᠴᠠᠭᠠᠯᠲᠠ ᠶᠢ ᠵᠣᠬᠢᠶᠠᠨ ᠪᠠᠶᠢᠭᠤᠯᠵᠤ᠂ ᠵᠡᠷᠡᠮᠳᠡᠭ ᠦᠢᠯᠡᠳᠬᠦᠨ ᠢ | ᠡᠭᠡᠭᠦᠯᠦᠨ ᠠᠪᠴᠢᠷᠠᠬᠤ ᠳᠦᠷᠢᠮ ᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠦᠢᠯᠡᠳᠬᠦᠨ ᠤ ᠬᠠᠭᠤᠷᠮᠠᠭ ᠢ | ᠰᠡᠷᠭᠡᠶᠢᠯᠡᠬᠦ ᠠᠵᠢᠯ ᠢ ᠬᠢᠨᠠᠨ ᠬᠠᠮᠢᠶᠠᠷᠤᠨ᠎ᠠ᠃ | ︵ᠲᠤᠯᠤᠭ᠎ᠠ︶ ᠦᠢᠯᠡᠳᠬᠦᠨ ᠤ ᠶᠠᠰᠤ ᠴᠢᠨᠠᠷ ᠤᠨ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ ᠶᠢ | ᠬᠠᠷᠢᠭᠤᠴᠠᠨ᠎ᠠ᠃ ᠦᠢᠯᠡᠳᠬᠦᠨ ᠤ ᠶᠠᠰᠤ ᠴᠢᠨᠠᠷ ᠲᠤ ᠬᠢᠨᠠᠯᠲᠠ ᠲᠠᠯᠪᠢᠵᠤ ᠰᠤᠭᠤᠴᠢᠨ ᠪᠠᠶᠢᠴᠠᠭᠠᠬᠤ ᠪᠠ ᠠᠶᠤᠯ | ᠦᠭᠡᠢ ᠶᠢᠨ ᠲᠦᠭᠰᠢᠭᠦᠷᠢ ᠶᠢ ᠬᠢᠨᠠᠨ ᠡᠵᠡᠮᠳᠡᠬᠦ ᠠᠵᠢᠯ ᠢ ᠬᠠᠷᠢᠭᠤᠴᠠᠵᠤ᠂ ᠦᠢᠯᠡᠳᠬᠦᠨ ᠤ ᠶᠠᠰᠤ ᠴᠢᠨᠠᠷ ᠲᠤ ᠬᠢᠨᠠᠯᠲᠠ | ᠲᠠᠯᠪᠢᠵᠤ ᠰᠤᠭᠤᠴᠢᠨ ᠪᠠᠶᠢᠴᠠᠭᠠᠬᠤ ᠲᠥᠯᠥᠪᠯᠡᠭᠡ ᠶᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠶᠠᠰᠤ ᠴᠢᠨᠠᠷ ᠤᠨ | ᠲᠠᠰ ᠬᠤᠪᠢᠶᠠᠬᠤ ᠳᠦᠷᠢᠮ᠂ ᠶᠠᠰᠤ ᠴᠢᠨᠠᠷ ᠤᠨ ᠠᠮᠤᠷ ᠲᠦᠪᠰᠢᠨ ᠤ ᠨᠡᠬᠡᠮᠵᠢᠯᠡᠬᠦ ᠳᠦᠷᠢᠮ ᠢ ᠵᠣᠬᠢᠶᠠᠨ ᠪᠠᠶᠢᠭᠤᠯᠤᠨ | ᠬᠡᠷᠡᠭᠵᠢᠭᠦᠯᠬᠦ ᠶᠢ ᠬᠠᠷᠢᠭᠤᠴᠠᠨ᠎ᠠ᠃ ᠠᠵᠤ ᠦᠢᠯᠡᠳᠪᠦᠷᠢ ᠶᠢᠨ ᠦᠢᠯᠡᠳᠬᠦᠨ ᠤ ᠦᠢᠯᠡᠳᠪᠦᠷᠢᠯᠡᠯ ᠤᠨ | ᠵᠥᠪᠰᠢᠶᠡᠷᠡᠯ ᠤᠨ ᠦᠨᠡᠮᠯᠡᠯ ᠢ ᠬᠢᠨᠠᠵᠤ ᠬᠠᠮᠢᠶᠠᠷᠬᠤ ᠪᠠ ᠬᠥᠪᠥᠩ ᠵᠡᠷᠭᠡ ᠰᠢᠷᠬᠡᠭᠯᠢᠭ ᠤᠨ ᠶᠠᠰᠤ ᠴᠢᠨᠠᠷ ᠲᠤ ᠬᠢᠨᠠᠯᠲᠠ | ᠲᠠᠯᠪᠢᠬᠤ ᠠᠵᠢᠯ ᠢ ᠬᠠᠷᠢᠭᠤᠴᠠᠨ᠎ᠠ᠃ | ︵ᠨᠠᠢᠮᠠ︶ ᠣᠨᠴᠠ ᠲᠥᠷᠥᠯ ᠤᠨ ᠲᠤᠨᠤᠭ ᠲᠥᠬᠦᠭᠡᠷᠦᠮᠵᠢ ᠶᠢᠨ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ | ᠪᠣᠯᠣᠨ ᠶᠡᠷᠦᠩᠬᠡᠶᠢᠯᠡᠨ ᠵᠣᠬᠢᠴᠠᠭᠤᠯᠬᠤ ᠶᠢ ᠬᠠᠷᠢᠭᠤᠴᠠᠨ᠎ᠠ᠃ ᠣᠨᠴᠠ ᠲᠦᠷᠦᠯ ᠤᠨ ᠲᠤᠨᠤᠭ ᠲᠥᠬᠦᠭᠡᠷᠦᠮᠵᠢ ᠶᠢᠨ | ᠠᠶᠤᠯᠭᠦᠢ ᠶᠢ ᠬᠢᠨᠠᠨ ᠪᠠᠶᠢᠴᠠᠭᠠᠬᠤ᠂ ᠬᠢᠨᠠᠯᠲᠠ ᠲᠠᠯᠪᠢᠬᠤ ᠠᠵᠢᠯ ᠢ ᠶᠡᠷᠦᠩᠬᠡᠶᠢᠯᠡᠨ ᠬᠠᠮᠢᠶᠠᠷᠴᠤ᠂ ᠡᠨᠧᠷᠭᠢ ᠶᠢᠨ | ᠬᠤᠷᠣᠭᠳᠠᠭᠤᠯᠤᠯ ᠶᠡᠬᠡᠲᠡᠢ ᠣᠨᠴᠠ ᠲᠦᠷᠦᠯ ᠤᠨ ᠲᠤᠨᠤᠭ ᠲᠥᠬᠦᠭᠡᠷᠦᠮᠵᠢ ᠶᠢᠨ ᠡᠨᠧᠷᠭᠢ ᠠᠷᠪᠢᠯᠠᠵᠤ ᠪᠠᠶᠢᠭ᠎ᠠ | ᠪᠠᠶᠢᠳᠠᠯ ᠪᠠ ᠠᠭᠤᠷ ᠤᠨ ᠲᠣᠭᠤᠭᠠᠨ ᠤ ᠣᠷᠴᠢᠨ ᠠᠬᠤᠢ ᠶᠢ ᠬᠠᠮᠠᠭᠠᠯᠠᠬᠤ ᠪᠠᠷᠢᠮᠵᠢᠶ᠎ᠠ ᠶᠢ ᠬᠡᠷᠡᠭᠵᠢᠭᠦᠯᠵᠦ ᠪᠠᠶᠢᠭ᠎ᠠ | ᠪᠠᠶᠢᠳᠠᠯ ᠳᠤ ᠬᠢᠨᠠᠯᠲᠠ ᠲᠠᠯᠪᠢᠵᠤ ᠪᠠᠶᠢᠴᠠᠭᠠᠨ᠎ᠠ᠃ | ︵ᠶᠢᠰᠦ︶ ᠢᠳᠡᠭᠡᠨ ᠤ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶᠢᠯᠡᠨ ᠵᠣᠬᠢᠴᠠᠭᠤᠯᠬᠤ ᠶᠢ | ᠬᠠᠷᠢᠭᠤᠴᠠᠨ᠎ᠠ᠃ ᠢᠳᠡᠭᠡᠨ ᠤ ᠠᠮᠤᠷ ᠲᠦᠪᠰᠢᠨ ᠤ ᠴᠢᠬᠤᠯᠠ ᠶᠡᠭᠡ ᠲᠥᠷᠥ ᠶᠢᠨ ᠢᠳᠡᠭᠡᠨ ᠤ ᠠᠶᠤᠯ ᠦᠭᠡᠢ ᠶᠢᠨ | ᠪᠠᠴᠢᠮ ᠪᠠᠶᠢᠳᠠᠯ ᠢ ᠠᠷᠭᠠᠴᠠᠬᠤ ᠰᠢᠰᠲ᠋ᠧᠮᠵᠢ ᠶᠢᠨ ᠪᠠᠶᠢᠭᠤᠯᠤᠯᠲᠠ ᠶᠢ ᠬᠠᠷᠢᠭᠤᠴᠠᠵᠤ᠂ ᠢᠳᠡᠭᠡᠨ ᠤ ᠠᠶᠤᠯ | ᠦᠭᠡᠢ ᠶᠢᠨ ᠬᠡᠷᠡᠭ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠪᠠ ᠪᠠᠶᠢᠴᠠᠭᠠᠨ ᠰᠢᠢᠳᠪᠦᠷᠢᠯᠡᠬᠦ ᠠᠵᠢᠯ ᠢ | ᠬᠠᠤᠯᠢ ᠶᠣᠰᠣᠭᠠᠷ ᠵᠣᠬᠢᠶᠠᠨ ᠪᠠᠶᠢᠭᠤᠯᠤᠨ ᠵᠢᠯᠣᠭᠤᠳᠤᠨ᠎ᠠ᠃ ᠢᠳᠡᠭᠡᠨ ᠤ ᠠᠶᠤᠯ ᠦᠭᠡᠢ ᠶᠢᠨ ᠴᠢᠬᠤᠯᠠ ᠮᠡᠳᠡᠭᠡ | ᠵᠠᠩᠭᠢ ᠶᠢ ᠰᠢᠭᠤᠳ ᠮᠡᠳᠡᠭᠦᠯᠬᠦ ᠳᠦᠷᠢᠮ ᠢ ᠪᠠᠶᠢᠭᠤᠯᠤᠨ ᠪᠦᠷᠢᠨᠰᠢᠭᠦᠯᠬᠦ ᠶᠢᠨ ᠬᠠᠮᠲᠤ ᠨᠠᠶᠢᠳᠠᠪᠤᠷᠢᠵᠢᠭᠤᠯᠬᠤ | ᠬᠡᠷᠡᠭᠲᠡᠢ᠃ ᠲᠣᠭᠤᠷᠢᠭ ᠤᠨ ᠢᠳᠡᠭᠡᠨ ᠪᠠ ᠡᠮ ᠤᠨ ᠵᠦᠢᠯ ᠤᠨ ᠠᠮᠤᠷ ᠲᠦᠪᠰᠢᠨ ᠤ ᠵᠥᠪᠯᠡᠯ ᠤᠨ ᠡᠳᠦᠷ | ᠲᠤᠲᠤᠮ ᠤᠨ ᠠᠵᠢᠯ ᠢ ᠡᠭᠦᠷᠭᠡᠯᠡᠨ᠎ᠡ᠃ | ︵ᠠᠷᠪᠠ︶ ᠢᠳᠡᠭᠡᠨ ᠤ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠢᠳᠡᠭᠡᠨ ᠤ | ᠦᠢᠯᠡᠳᠪᠦᠷᠢᠯᠡᠯ᠂ ᠭᠦᠢᠯᠭᠡᠭᠡᠨ᠂ ᠬᠡᠷᠡᠭᠯᠡᠭᠡ ᠶᠢᠨ ᠪᠥᠬᠦ ᠶᠠᠪᠤᠴᠠ ᠶᠢ ᠬᠠᠮᠤᠷᠤᠭᠰᠠᠨ ᠬᠢᠨᠠᠯᠲᠠ ᠲᠠᠯᠪᠢᠵᠤ ᠪᠠᠶᠢᠴᠠᠭᠠᠬᠤ | ᠳᠦᠷᠢᠮ ᠪᠠ ᠳᠠᠯᠳᠠ ᠬᠡᠮ ᠢ ᠵᠢᠭᠰᠠᠭᠠᠨ ᠪᠠᠶᠢᠴᠠᠭᠠᠵᠤ ᠵᠠᠰᠠᠬᠤ ᠲᠣᠭᠲᠠᠴᠠ ᠶᠢ ᠪᠠᠶᠢᠭᠤᠯᠬᠤ ᠶᠢᠨ ᠬᠠᠮᠲᠤ ᠵᠣᠬᠢᠶᠠᠨ | ᠪᠠᠶᠢᠭᠤᠯᠤᠨ ᠬᠡᠷᠡᠭᠵᠢᠭᠦᠯᠵᠦ᠂ ᠣᠷᠣᠨ ᠪᠦᠰᠡ ᠶᠢᠨ ᠴᠢᠨᠠᠷᠲᠠᠢ᠂ ᠰᠢᠰᠲ᠋ᠧᠮ ᠤᠨ ᠴᠢᠨᠠᠷᠲᠠᠢ ᠢᠳᠡᠭᠡᠨ ᠤ ᠠᠮᠤᠷ | ᠲᠦᠪᠰᠢᠨ ᠤ ᠲᠦᠭᠰᠢᠭᠦᠷᠢ ᠶᠢ ᠰᠡᠷᠭᠡᠶᠢᠯᠡᠬᠦ ᠬᠡᠷᠡᠭᠲᠡᠢ᠃ ᠢᠳᠡᠭᠡᠨ ᠦᠢᠯᠡᠳᠪᠦᠷᠢᠯᠡᠵᠦ ᠡᠵᠡᠩᠨᠡᠭᠴᠢ ᠶᠢᠨ ᠭᠤᠣᠯ | ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠲᠣᠭᠲᠠᠴᠠ ᠶᠢ ᠪᠠᠶᠢᠭᠤᠯᠬᠤ ᠶᠢ ᠠᠬᠢᠭᠤᠯᠵᠤ᠂ ᠢᠳᠡᠭᠡᠨ ᠤ | ᠠᠮᠤᠷ ᠲᠦᠪᠰᠢᠨ ᠤ ᠨᠡᠬᠡᠮᠵᠢᠯᠡᠬᠦ ᠰᠢᠰᠲ᠋ᠧᠮ ᠢ ᠪᠦᠷᠢᠨᠰᠢᠭᠦᠯᠦᠨ᠎ᠡ᠃ ᠢᠳᠡᠭᠡᠨ ᠤ ᠠᠮᠤᠷ ᠲᠦᠪᠰᠢᠨ ᠳᠤ ᠬᠢᠨᠠᠯᠲᠠ | ᠲᠠᠯᠪᠢᠵᠤ ᠰᠤᠭᠤᠴᠠᠨ ᠪᠠᠶᠢᠴᠠᠭᠠᠬᠤ᠂ ᠲᠦᠭᠰᠢᠭᠦᠷᠢ ᠶᠢ ᠬᠢᠨᠠᠨ ᠰᠢᠨᠵᠢᠬᠦ᠂ ᠬᠠᠷᠭᠤᠭᠤᠯᠤᠨ ᠪᠠᠶᠢᠴᠠᠭᠠᠵᠤ ᠰᠢᠢᠳᠪᠦᠷᠢᠯᠡᠬᠦ | ᠪᠠ ᠲᠦᠭᠰᠢᠭᠦᠷᠢ ᠶᠢ ᠰᠡᠷᠡᠮᠵᠢᠯᠡᠭᠦᠯᠬᠦ᠂ ᠲᠦᠭᠰᠢᠭᠦᠷᠢ ᠶᠢ ᠰᠣᠯᠢᠯᠴᠠᠬᠤ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠵᠦ᠂ | ᠲᠦᠭᠰᠢᠭᠦᠷᠢ ᠶᠢ ᠬᠢᠨᠠᠨ ᠰᠢᠨᠵᠢᠬᠦ ᠬᠠᠮᠢᠶ᠎ᠠ ᠪᠦᠬᠦᠢ ᠠᠵᠢᠯ ᠤᠨ ᠡᠭᠦᠷᠭᠡ ᠶᠢ ᠨᠠᠶᠢᠳᠠᠪᠤᠷᠢᠵᠢᠭᠤᠯᠤᠨ᠎ᠠ᠃ ᠢᠳᠡᠰᠢᠨ ᠤ | ᠳᠠᠪᠤᠰᠤ ᠪᠣᠯᠣᠨ ᠣᠨᠴᠣᠭᠤᠢ ᠢᠳᠡᠭᠡᠨ ᠤ ᠶᠠᠰᠤ ᠴᠢᠨᠠᠷ ᠤᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠵᠡᠷᠭᠡ | ᠠᠵᠢᠯ ᠢ ᠵᠣᠬᠢᠶᠠᠨ ᠪᠠᠶᠢᠭᠤᠯᠤᠨ ᠶᠠᠪᠤᠭᠳᠠᠭᠤᠯᠤᠨ᠎ᠠ᠃ ᠥᠪᠡᠷᠲᠡᠭᠡᠨ ᠵᠠᠰᠠᠬᠤ ᠣᠷᠣᠨ᠂ ᠦᠬᠠᠢ ᠬᠤᠲᠠ ᠶᠢᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠰᠤᠭᠤᠴᠢᠨ ᠪᠠᠶᠢᠴᠠᠭᠠᠬᠤ ᠲᠥᠯᠥᠪᠯᠡᠭᠡ ᠶᠢ | ᠬᠡᠷᠡᠭᠵᠢᠭᠦᠯᠵᠦ᠂ ᠬᠢᠨᠠᠯᠲᠠ ᠲᠠᠯᠪᠢᠵᠤ ᠰᠤᠭᠤᠴᠢᠨ ᠪᠠᠶᠢᠴᠠᠭᠠᠭᠰᠠᠨ ᠮᠡᠳᠡᠭᠡ ᠵᠠᠩᠭᠢ ᠶᠢᠨ ᠵᠠᠷᠯᠠᠯ ᠢ ᠨᠡᠶᠢᠲᠡᠯᠡᠨ᠂ ᠡᠭᠦᠷᠭᠡ | ᠬᠠᠷᠢᠭᠤᠴᠠᠯᠭ᠎ᠠ ᠶᠢᠨ ᠶᠣᠰᠣᠭᠠᠷ ᠬᠠᠤᠯᠢ ᠠᠴᠠ ᠵᠥᠷᠢᠴᠡᠭᠰᠡᠨ ᠦᠶᠯᠡ ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠨ᠎ᠡ᠃ | | ︵ᠠᠷᠪᠠᠨ ᠨᠢᠭᠡ︶ ᠡᠮ ᠤᠨ ᠵᠦᠢᠯ ︵ᠬᠢᠲᠠᠳ ᠡᠮ᠂ ᠮᠣᠩᠭᠤᠯ ᠡᠮ ᠵᠡᠷᠭᠡ ᠦᠨᠳᠦᠰᠦᠲᠡᠨ ᠤ ᠡᠮ ᠢ | ᠪᠠᠭᠲᠠᠭᠠᠨ᠎ᠠ᠂ ᠳᠣᠷᠣᠭᠰᠢ ᠠᠳᠠᠯᠢ︶᠂ ᠡᠮᠴᠢᠯᠡᠭᠡᠨ ᠤ ᠪᠠᠭᠠᠵᠢ ᠬᠡᠷᠡᠭᠰᠡᠯ ᠪᠠ ᠭᠤᠶᠣᠯᠠᠯ ᠤᠨ ᠡᠳ᠋ ᠤᠨ ᠠᠮᠤᠷ | ᠲᠦᠪᠰᠢᠨ ᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠤᠯᠤᠰ ᠤᠨ ᠡᠮ ᠤᠨ ᠵᠦᠢᠯ᠂ ᠡᠮᠴᠢᠯᠡᠭᠡᠨ ᠤ ᠪᠠᠭᠠᠵᠢ | ᠬᠡᠷᠡᠭᠰᠡᠯ᠂ ᠵᠠᠰᠠᠯ ᠴᠢᠮᠡᠭ ᠤᠨ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ ᠶᠢᠨ ᠬᠠᠤᠯᠢ ᠴᠠᠭᠠᠵᠠ᠂ ᠬᠠᠤᠯᠢ | ᠲᠣᠭᠲᠠᠭᠠᠯ ᠪᠣᠯᠣᠨ ᠳᠦᠷᠢᠮ ᠲᠣᠭᠲᠠᠭᠠᠯ ᠢ ᠲᠤᠤᠱᠯᠠᠭᠤᠯᠤᠨ ᠬᠡᠷᠡᠭᠵᠢᠭᠦᠯᠵᠦ᠂ ᠬᠢᠨᠠᠯᠲᠠ ᠬᠠᠮᠢᠶᠠᠷᠤᠯᠲᠠ ᠶᠢᠨ | ᠲᠥᠯᠦᠪᠵᠢᠭᠦᠯᠭᠡ ᠶᠢ ᠲᠤᠭᠤᠷᠪᠢᠨ ᠲᠣᠭᠲᠠᠭᠠᠵᠤ᠂ ᠰᠠᠯᠠᠭ᠎ᠠ ᠮᠥᠴᠢᠷ ᠤᠨ ᠬᠢᠨᠠᠯᠲᠠ ᠬᠠᠮᠢᠶᠠᠷᠤᠯᠲᠠ ᠶᠢᠨ ᠳᠦᠷᠢᠮ ᠢ | ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠵᠤ ᠬᠡᠷᠡᠭᠵᠢᠭᠦᠯᠦᠨ᠎ᠡ᠃ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ | ᠪᠠ ᠵᠠᠰᠠᠯ ᠴᠢᠮᠡᠭ ᠤᠨ ᠡᠳ᠋ ᠤᠨ ᠰᠢᠨ᠎ᠡ ᠮᠡᠷᠭᠡᠵᠢᠯ ᠰᠢᠨ᠎ᠡ ᠦᠢᠯᠡᠳᠬᠦᠨ ᠢ ᠵᠣᠷᠢᠭᠵᠢᠭᠤᠯᠬᠤ ᠲᠦᠷᠦ ᠶᠢᠨ ᠪᠣᠳᠣᠯᠭ᠎ᠠ | ᠠᠷᠭ᠎ᠠ ᠬᠡᠮᠵᠢᠶ᠎ᠡ ᠶᠢ ᠲᠤᠤᠱᠯᠠᠭᠤᠯᠤᠨ ᠨᠠᠶᠢᠳᠠᠪᠤᠷᠢᠵᠢᠭᠤᠯᠤᠨ᠎ᠠ᠃ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ | ᠪᠠ ᠵᠠᠰᠠᠯ ᠴᠢᠮᠡᠭ ᠤᠨ ᠡᠳ᠋ ᠤᠨ ᠦᠢᠯᠡᠳᠪᠦᠷᠢᠯᠡᠯ ᠭᠦᠢᠯᠭᠡᠭᠡᠨ ᠤ ᠳᠦᠷᠢᠮ ᠢ ᠵᠣᠬᠢᠶᠠᠨ ᠪᠠᠶᠢᠭᠤᠯᠤᠨ | ᠨᠠᠶᠢᠳᠠᠪᠤᠷᠢᠵᠢᠭᠤᠯᠤᠨ᠎ᠠ᠃ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠣᠯᠣᠨ ᠵᠠᠰᠠᠯ ᠴᠢᠮᠡᠭ ᠤᠨ ᠶᠠᠰᠤ | ᠴᠢᠨᠠᠷ ᠤᠨ ᠬᠠᠮᠢᠶᠠᠷᠤᠯᠲᠠ ᠶᠢ ᠬᠠᠷᠢᠭᠤᠴᠠᠨ᠎ᠠ᠃ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠣᠯᠣᠨ ᠵᠠᠰᠠᠯ | ᠴᠢᠮᠡᠭ ᠤᠨ ᠶᠠᠰᠤ ᠴᠢᠨᠠᠷ ᠤᠨ ᠬᠠᠮᠢᠶᠠᠷᠤᠯᠲᠠ ᠶᠢᠨ ᠵᠢᠷᠤᠮᠵᠢᠯ ᠢ ᠬᠢᠨᠠᠯᠲᠠ ᠲᠠᠯᠪᠢᠨ ᠬᠡᠷᠡᠭᠵᠢᠭᠦᠯᠦᠨ᠎ᠡ᠃ | ᠦᠢᠯᠡᠳᠪᠦᠷᠢᠯᠡᠯ ᠤᠨ ᠶᠠᠰᠤ ᠴᠢᠨᠠᠷ ᠤᠨ ᠬᠠᠮᠢᠶᠠᠷᠤᠯᠲᠠ ᠶᠢᠨ ᠵᠢᠷᠤᠮᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ | ᠡᠭᠦᠷᠭᠡ ᠬᠠᠷᠢᠭᠤᠴᠠᠯᠭ᠎ᠠ ᠶᠢᠨ ᠶᠣᠰᠣᠭᠠᠷ ᠡᠵᠡᠩᠨᠡᠯᠲᠡ᠂ ᠬᠡᠷᠡᠭᠯᠡᠯᠲᠡ ᠶᠢᠨ ᠶᠠᠰᠤ ᠴᠢᠨᠠᠷ ᠤᠨ ᠬᠠᠮᠢᠶᠠᠷᠤᠯᠲᠠ ᠶᠢᠨ | ᠵᠢᠷᠤᠮᠵᠢᠯ ᠢ ᠵᠣᠬᠢᠶᠠᠨ ᠪᠠᠶᠢᠭᠤᠯᠬᠤ ᠪᠠ ᠬᠢᠨᠠᠯᠲᠠ ᠲᠠᠯᠪᠢᠵᠤ ᠬᠡᠷᠡᠭᠵᠢᠭᠦᠯᠦᠨ᠎ᠡ᠃ ᠡᠮ ᠤᠨ ᠵᠦᠢᠯ᠂ ᠡᠮᠴᠢᠯᠡᠭᠡᠨ ᠤ | ᠪᠠᠭᠠᠵᠢ ᠬᠡᠷᠡᠭᠰᠡᠯ ᠤᠨ ᠡᠵᠡᠩᠨᠡᠯᠲᠡ ᠶᠢᠨ ᠶᠠᠰᠤ ᠴᠢᠨᠠᠷ ᠤᠨ ᠬᠠᠮᠢᠶᠠᠷᠤᠯᠲᠠ ᠶᠢᠨ ᠵᠢᠷᠤᠮᠵᠢᠯ ᠢ ᠡᠷᠬᠡ ᠡᠮ ᠤᠨ ᠵᠦᠢᠯ ᠢ | ᠵᠢᠵᠢᠭᠯᠡᠨ ᠬᠤᠳᠠᠯᠳᠤᠬᠤ᠂ ᠡᠮᠴᠢᠯᠡᠭᠡᠨ ᠤ ᠪᠠᠭᠠᠵᠢ ᠬᠡᠷᠡᠭᠰᠡᠯ ᠪᠣᠯᠣᠨ ᠵᠠᠰᠠᠯ ᠴᠢᠮᠡᠭ ᠤᠨ ᠡᠵᠡᠩᠨᠡᠯᠲᠡ ᠳᠤ ᠬᠢᠨᠠᠯᠲᠠ | ᠲᠠᠯᠪᠢᠵᠤ ᠪᠠᠶᠢᠴᠠᠭᠠᠬᠤ ᠵᠢᠴᠢ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠬᠡᠷᠡᠭᠯᠡᠬᠦ ᠭᠤᠭᠴᠤᠭ᠎ᠠ ᠳᠤ | ᠬᠢᠨᠠᠯᠲᠠ ᠲᠠᠯᠪᠢᠵᠤ ᠪᠠᠶᠢᠴᠠᠭᠠᠬᠤ ᠶᠢ ᠬᠠᠷᠢᠭᠤᠴᠠᠨ᠎ᠠ᠃ ᠬᠠᠮᠢᠶ᠎ᠠ ᠪᠦᠬᠦᠢ ᠰᠤᠭᠤᠴᠠᠨ ᠪᠠᠶᠢᠴᠠᠭᠠᠬᠤ ᠲᠥᠯᠥᠪᠯᠡᠭᠡ ᠶᠢ | ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠶᠠᠰᠤ ᠴᠢᠨᠠᠷ ᠤᠨ ᠠᠯᠪᠠᠨ ᠵᠠᠷ ᠨᠡᠶᠢᠲᠡᠯᠡᠨ᠂ | ᠬᠠᠤᠯᠢ ᠠᠴᠠ ᠵᠥᠷᠢᠴᠡᠭᠰᠡᠨ ᠦᠶᠯᠡ ᠠᠵᠢᠯᠯᠠᠭ᠎ᠠ ᠶᠢ ᠬᠠᠤᠯᠢ ᠶᠣᠰᠣᠭᠠᠷ ᠪᠠᠶᠢᠴᠠᠭᠠᠨ ᠰᠢᠢᠳᠪᠦᠷᠢᠯᠡᠨ᠎ᠡ᠃ ᠡᠮ ᠤᠨ | ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ᠂ ᠵᠠᠰᠠᠯ ᠴᠢᠮᠡᠭ ᠤᠨ ᠡᠳ᠋ ᠢ ᠲᠥᠷᠥᠯ ᠬᠤᠪᠢᠶᠠᠨ ᠬᠠᠮᠢᠶᠠᠷᠬᠤ ᠳᠦᠷᠢᠮ ᠢ | ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠥᠪᠡᠷᠲᠡᠭᠡᠨ ᠵᠠᠰᠠᠬᠤ ᠣᠷᠣᠨ ᠤ ᠬᠢᠲᠠᠳ ᠡᠮ᠂ ᠮᠣᠩᠭᠤᠯ ᠡᠮ ᠤᠨ | ᠪᠠᠷᠢᠮᠵᠢᠶ᠎ᠠ ᠶᠢᠨ ᠵᠢᠷᠤᠮᠵᠢᠯ ᠢ ᠨᠠᠶᠢᠳᠠᠪᠤᠷᠢᠵᠢᠭᠤᠯᠤᠨ᠎ᠠ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ | ᠤᠯᠤᠰ ᠤᠨ ᠦᠨᠳᠦᠰᠦᠨ ᠡᠮ ᠤᠨ ᠵᠦᠢᠯ ᠤᠨ ᠳᠦᠷᠢᠮ ᠵᠢᠴᠢ ᠥᠪᠡᠷᠲᠡᠭᠡᠨ ᠵᠠᠰᠠᠬᠤ ᠣᠷᠣᠨ ᠤ ᠦᠨᠳᠦᠰᠦᠨ | ᠡᠮ ᠤᠨ ᠵᠦᠢᠯ ᠤᠨ ᠨᠡᠮᠡᠵᠦ ᠨᠥᠬᠦᠪᠦᠷᠢᠯᠡᠭᠰᠡᠨ ᠭᠠᠷᠴᠠᠭ ᠢ ᠲᠤᠤᠱᠯᠠᠭᠤᠯᠤᠨ ᠨᠠᠶᠢᠳᠠᠪᠤᠷᠢᠵᠢᠭᠤᠯᠤᠨ᠎ᠠ᠃ | ︵ᠠᠷᠪᠠᠨ ᠬᠤᠶᠠᠷ︶ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠣᠯᠣᠨ ᠵᠠᠰᠠᠯ ᠴᠢᠮᠡᠭ ᠤᠨ ᠵᠠᠬ᠎ᠠ | ᠳᠡᠯᠭᠡᠭᠦᠷ ᠲᠤ ᠭᠠᠷᠤᠭᠰᠠᠨ ᠤ ᠳᠠᠷᠠᠭᠠᠬᠢ ᠲᠦᠭᠰᠢᠭᠦᠷᠢ ᠶᠢᠨ ᠬᠠᠮᠢᠶᠠᠷᠤᠯᠲᠠ ᠶᠢ ᠬᠠᠷᠢᠭᠤᠴᠠᠨ᠎ᠠ᠃ ᠡᠮ ᠤᠨ ᠵᠦᠢᠯ ᠤᠨ | ᠮᠠᠭᠤ ᠲᠤᠰᠬᠠᠯ᠂ ᠡᠮᠴᠢᠯᠡᠭᠡᠨ ᠤ ᠪᠠᠭᠠᠵᠢ ᠬᠡᠷᠡᠭᠰᠡᠯ ᠤᠨ ᠮᠠᠭᠤ ᠬᠡᠷᠡᠭ ᠪᠠ ᠵᠠᠰᠠᠯ ᠴᠢᠮᠡᠭ ᠤᠨ ᠡᠳ᠋ ᠤᠨ ᠮᠠᠭᠤ | ᠤᠷᠪᠠᠯ ᠢ ᠬᠢᠨᠠᠨ ᠬᠡᠮᠵᠢᠬᠦ᠂ ᠦᠨᠡᠯᠡᠬᠦ ᠪᠠ ᠰᠢᠢᠳᠪᠦᠷᠢᠯᠡᠬᠦ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠡᠮ ᠤᠨ | ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠣᠯᠣᠨ ᠵᠠᠰᠠᠯ ᠴᠢᠮᠡᠭ ᠤᠨ ᠠᠶᠤᠯ ᠦᠭᠡᠢ ᠶᠢᠨ ᠪᠠᠴᠢᠮ ᠪᠠᠶᠢᠳᠠᠯ ᠢ | ᠠᠷᠭᠠᠴᠠᠬᠤ ᠬᠠᠮᠢᠶᠠᠷᠤᠯᠲᠠ ᠶᠢᠨ ᠠᠵᠢᠯ ᠢ ᠬᠠᠤᠯᠢ ᠶᠣᠰᠣᠭᠠᠷ ᠡᠭᠦᠷᠭᠡᠯᠡᠨ᠎ᠡ᠃ | ︵ᠠᠷᠪᠠᠨ ᠭᠤᠷᠪᠠ︶ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠠ ᠭᠤᠶᠣᠯᠠᠯ ᠤᠨ ᠡᠳ᠋ ᠲᠤ ᠬᠢᠨᠠᠯᠲᠠ | ᠲᠠᠯᠪᠢᠵᠤ ᠪᠠᠶᠢᠴᠠᠭᠠᠬᠤ ᠶᠢ ᠬᠠᠷᠢᠭᠤᠴᠠᠵᠤ᠂ ᠪᠠᠶᠢᠴᠠᠭᠠᠬᠤ᠂ ᠬᠢᠨᠠᠨ ᠪᠠᠶᠢᠴᠠᠭᠠᠬᠤ᠂ ᠪᠠᠶᠢᠴᠠᠭᠠᠬᠤ ᠳᠦᠷᠢᠮ ᠢ | ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠪᠥᠬᠦ ᠲᠤᠭᠤᠷᠢᠭ ᠤᠨ ᠬᠢᠨᠠᠯᠲᠠ ᠲᠠᠯᠪᠢᠵᠤ | ᠰᠤᠭᠤᠴᠠᠨ ᠪᠠᠶᠢᠴᠠᠭᠠᠬᠤ ᠲᠥᠯᠥᠪᠯᠡᠭᠡ ᠶᠢ ᠲᠣᠭᠲᠠᠭᠠᠨ ᠬᠡᠷᠡᠭᠵᠢᠭᠦᠯᠵᠦ᠂ ᠶᠠᠰᠤ ᠴᠢᠨᠠᠷ ᠤᠨ ᠠᠯᠪᠠᠨ ᠵᠠᠷ ᠨᠡᠶᠢᠲᠡᠯᠡᠨ᠂ | ᠡᠭᠦᠷᠭᠡ ᠬᠠᠷᠢᠭᠤᠴᠠᠯᠭ᠎ᠠ ᠶᠢᠨ ᠶᠣᠰᠣᠭᠠᠷ ᠬᠢᠨᠠᠨ ᠬᠠᠮᠢᠶᠠᠷᠬᠤ ᠪᠠ ᠰᠢᠢᠳᠪᠦᠷᠢᠯᠡᠨ᠎ᠡ᠃ | ︵ᠠᠷᠪᠠᠨ ᠳᠥᠷᠪᠡ︶ ᠬᠡᠮᠵᠢᠯᠲᠡ ᠶᠢᠨ ᠠᠵᠢᠯ ᠢ ᠨᠢᠭᠡᠳᠦᠯᠲᠡᠢ ᠬᠠᠮᠢᠶᠠᠷᠬᠤ ᠶᠢ ᠬᠠᠷᠢᠭᠤᠴᠠᠨ᠎ᠠ᠃ ᠤᠯᠤᠰ ᠤᠨ | ᠬᠡᠮᠵᠢᠯᠲᠡ ᠶᠢᠨ ᠳᠦᠷᠢᠮ ᠢ ᠨᠠᠶᠢᠳᠠᠪᠤᠷᠢᠵᠢᠭᠤᠯᠤᠨ᠂ ᠤᠯᠤᠰ ᠤᠨ ᠬᠠᠤᠯᠢ ᠪᠠᠷ ᠲᠣᠭᠲᠠᠭᠠᠭᠰᠠᠨ ᠬᠡᠮᠵᠢᠯᠲᠡ ᠶᠢᠨ | ᠨᠢᠭᠡᠴᠢ ᠶᠢ ᠬᠡᠷᠡᠭᠵᠢᠭᠦᠯᠵᠦ᠂ ᠬᠡᠮᠵᠢᠯᠲᠡ ᠶᠢᠨ ᠪᠠᠭᠠᠵᠢ ᠬᠡᠷᠡᠭᠰᠡᠯ ᠵᠢᠴᠢ ᠬᠡᠮᠵᠢᠶ᠎ᠡ ᠶᠢ ᠳᠠᠮᠵᠢᠭᠤᠯᠬᠤ ᠪᠠ | ᠬᠠᠷᠢᠴᠠᠭᠤᠯᠬᠤ ᠠᠵᠢᠯ ᠢ ᠬᠠᠮᠢᠶᠠᠷᠤᠨ᠎ᠠ᠃ ᠲᠠᠸᠠᠷ ᠤᠨ ᠬᠡᠮᠵᠢᠶ᠎ᠡ ᠪᠠ ᠵᠠᠬ᠎ᠠ ᠳᠡᠯᠭᠡᠭᠦᠷ ᠤᠨ ᠬᠡᠮᠵᠢᠯᠲᠡ ᠶᠢᠨ | ᠠᠵᠢᠯᠯᠠᠭ᠎ᠠ ᠶᠢ ᠵᠢᠷᠤᠮᠵᠢᠭᠤᠯᠵᠤ᠂ ᠲᠡᠭᠦᠨ ᠳᠤ ᠬᠢᠨᠠᠯᠲᠠ ᠲᠠᠯᠪᠢᠨ᠎ᠠ᠃ | ︵ᠠᠷᠪᠠᠨ ᠲᠠᠪᠤ︶ ᠪᠥᠬᠦ ᠲᠤᠭᠤᠷᠢᠭ ᠤᠨ ᠪᠠᠷᠢᠮᠵᠢᠶᠠᠵᠢᠭᠤᠯᠬᠤ ᠠᠵᠢᠯ ᠢ ᠨᠢᠭᠡᠳᠦᠯᠲᠡᠢ ᠬᠠᠮᠢᠶᠠᠷᠬᠤ ᠶᠢ | ᠬᠠᠷᠢᠭᠤᠴᠠᠨ᠎ᠠ᠃ ᠲᠤᠭᠤᠷᠢᠭ ᠤᠨ ᠱᠠᠲᠤᠨ ᠤ ᠣᠷᠣᠨ ᠨᠤᠲᠤᠭ ᠤᠨ ᠪᠠᠷᠢᠮᠵᠢᠶ᠎ᠠ ᠶᠢᠨ ᠰᠡᠳᠦᠪ ᠲᠣᠭᠲᠠᠭᠠᠬᠤ᠂ | ᠳ᠋ᠤᠭᠠᠷᠯᠠᠬᠤ᠂ ᠨᠡᠶᠢᠲᠡᠯᠡᠬᠦ ᠠᠵᠢᠯ ᠢ ᠬᠠᠤᠯᠢ ᠶᠣᠰᠣᠭᠠᠷ ᠡᠭᠦᠷᠭᠡᠯᠡᠨ᠎ᠡ᠃ ᠤᠯᠤᠰ ᠤᠨ ᠪᠠᠷᠢᠮᠵᠢᠶ᠎ᠠ᠂ ᠠᠵᠢᠯ ᠲᠦᠷᠦᠯ ᠤᠨ | ᠪᠠᠷᠢᠮᠵᠢᠶ᠎ᠠ᠂ ᠣᠷᠣᠨ ᠨᠤᠲᠤᠭ ᠤᠨ ᠪᠠᠷᠢᠮᠵᠢᠶ᠎ᠠ ᠶᠢᠨ ᠬᠡᠷᠡᠭᠵᠢᠭᠦᠯᠦᠯᠲᠡ ᠶᠢᠨ ᠮᠡᠳᠡᠭᠡ ᠵᠠᠩᠭᠢ ᠶᠢ ᠬᠠᠷᠢᠭᠤ ᠲᠤᠰᠬᠠᠬᠤ | ᠪᠠ ᠦᠨᠡᠯᠡᠨ ᠵᠢᠱᠢᠬᠦ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠪᠦᠯᠬᠦᠮ ᠤᠨ ᠪᠠᠷᠢᠮᠵᠢᠶ᠎ᠠ᠂ ᠠᠵᠤ | ᠠᠬᠤᠶᠢᠯᠠᠯ ᠤᠨ ᠪᠠᠷᠢᠮᠵᠢᠶ᠎ᠠ ᠶᠢ ᠲᠣᠭᠲᠠᠭᠠᠬᠤ ᠠᠵᠢᠯ ᠢ ᠬᠠᠤᠯᠢ ᠶᠣᠰᠣᠭᠠᠷ ᠵᠣᠬᠢᠴᠠᠭᠤᠯᠤᠨ ᠵᠢᠯᠤᠭᠤᠳᠬᠤ ᠪᠠ | ᠲᠡᠭᠦᠨ ᠳᠤ ᠬᠢᠨᠠᠯᠲᠠ ᠲᠠᠯᠪᠢᠨ᠎ᠠ᠃ | ︵ᠠᠷᠪᠠᠨ ᠵᠢᠷᠭᠤᠭ᠎ᠠ︶ ᠰᠢᠯᠭᠠᠨ ᠪᠠᠶᠢᠴᠠᠭᠠᠵᠤ ᠪᠠᠶᠢᠴᠠᠭᠠᠨ ᠬᠡᠮᠵᠢᠬᠦ ᠠᠵᠢᠯ ᠢ ᠨᠢᠭᠡᠳᠦᠯᠲᠡᠢ ᠬᠠᠮᠢᠶᠠᠷᠬᠤ ᠶᠢ | ᠬᠠᠷᠢᠭᠤᠴᠠᠨ᠎ᠠ᠃ ᠰᠢᠯᠭᠠᠨ ᠪᠠᠶᠢᠴᠠᠭᠠᠵᠤ ᠪᠠᠶᠢᠴᠠᠭᠠᠨ ᠬᠡᠮᠵᠢᠬᠦ ᠪᠠᠶᠢᠭᠤᠯᠤᠮᠵᠢ ᠶᠢᠨ ᠥᠭᠡᠷᠡᠴᠢᠯᠡᠯᠲᠡ ᠶᠢ ᠲᠦᠯᠬᠢᠨ | ᠠᠬᠢᠭᠤᠯᠵᠤ᠂ ᠰᠢᠯᠭᠠᠨ ᠪᠠᠶᠢᠴᠠᠭᠠᠵᠤ ᠪᠠᠶᠢᠴᠠᠭᠠᠨ ᠬᠡᠮᠵᠢᠬᠦ ᠵᠠᠬ᠎ᠠ ᠳᠡᠯᠭᠡᠭᠦᠷ ᠢ ᠵᠢᠷᠤᠮᠵᠢᠭᠤᠯᠤᠨ᠂ ᠰᠢᠯᠭᠠᠨ | ᠪᠠᠶᠢᠴᠠᠭᠠᠵᠤ ᠪᠠᠶᠢᠴᠠᠭᠠᠨ ᠬᠡᠮᠵᠢᠬᠦ ᠰᠢᠰᠲ᠋ᠧᠮ ᠢ ᠲᠡᠭᠦᠯᠳᠡᠷᠵᠢᠭᠦᠯᠵᠦ᠂ ᠰᠢᠯᠭᠠᠨ ᠪᠠᠶᠢᠴᠠᠭᠠᠵᠤ ᠪᠠᠶᠢᠴᠠᠭᠠᠨ ᠬᠡᠮᠵᠢᠬᠦ | ᠠᠵᠢᠯ ᠲᠦᠷᠦᠯ ᠤᠨ ᠬᠥᠭᠵᠢᠯᠲᠡ ᠶᠢ ᠵᠢᠯᠣᠭᠤᠳᠤᠨ ᠵᠣᠬᠢᠴᠠᠭᠤᠯᠤᠨ᠎ᠠ᠃ | ︵ᠠᠷᠪᠠᠨ ᠳᠣᠯᠤᠭ᠎ᠠ︶ ᠭᠡᠷᠡᠴᠢᠯᠡᠵᠦ ᠵᠥᠪᠰᠢᠶᠡᠷᠡᠬᠦ ᠠᠵᠢᠯ ᠢ ᠨᠢᠭᠡᠳᠦᠯᠲᠡᠢ ᠬᠠᠮᠢᠶᠠᠷᠬᠤ᠂ ᠬᠢᠨᠠᠯᠲᠠ ᠲᠠᠯᠪᠢᠬᠤ | ᠪᠠ ᠶᠡᠷᠦᠩᠬᠡᠶᠢᠯᠡᠨ ᠵᠣᠬᠢᠴᠠᠭᠤᠯᠬᠤ ᠶᠢ ᠬᠠᠷᠢᠭᠤᠴᠠᠨ᠎ᠠ᠃ ᠲᠣᠭᠲᠠᠭᠠᠭᠰᠠᠨ ᠡᠷᠬᠡ ᠮᠡᠳᠡᠯ ᠤᠨ ᠬᠡᠪᠴᠢᠶ᠎ᠡ ᠶᠣᠰᠣᠭᠠᠷ | ᠭᠡᠷᠡᠴᠢᠯᠡᠵᠦ ᠵᠥᠪᠰᠢᠶᠡᠷᠡᠬᠦ ᠪᠠ ᠬᠢᠷᠢ ᠲᠡᠩᠴᠡᠬᠦ ᠶᠢ ᠦᠨᠡᠯᠡᠨ ᠲᠣᠭᠲᠠᠭᠠᠬᠤ ᠳᠤ ᠬᠢᠨᠠᠯᠲᠠ ᠲᠠᠯᠪᠢᠵᠤ ᠬᠠᠮᠢᠶᠠᠷᠬᠤ | ᠵᠡᠷᠭᠡ ᠬᠠᠮᠢᠶ᠎ᠠ ᠪᠦᠬᠦᠢ ᠠᠵᠢᠯ ᠢ ᠡᠭᠦᠷᠭᠡᠯᠡᠨ᠎ᠡ᠃ | ︵ᠠᠷᠪᠠᠨ ᠨᠠᠢᠮᠠ︶ ᠪᠥᠬᠦ ᠲᠤᠭᠤᠷᠢᠭ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠡᠭᠦᠳᠬᠦ᠂ | ᠬᠡᠷᠡᠭᠯᠡᠬᠦ᠂ ᠬᠠᠮᠠᠭᠠᠯᠠᠬᠤ᠂ ᠬᠠᠮᠢᠶᠠᠷᠬᠤ ᠪᠠ ᠦᠢᠯᠡᠴᠢᠯᠡᠬᠦ ᠠᠵᠢᠯ ᠢ ᠬᠠᠷᠢᠭᠤᠴᠠᠨ᠎ᠠ᠃ ᠤᠳᠠ ᠲᠣᠭᠤᠷᠢᠭ ᠤᠨ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠪᠠᠶᠢᠯᠳᠤᠬᠤ ᠪᠣᠳᠣᠯᠭ᠎ᠠ ᠶᠢ ᠲᠤᠭᠤᠷᠪᠢᠨ ᠲᠣᠭᠲᠠᠭᠠᠬᠤ ᠪᠠ | ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠤᠯᠪᠣᠭᠳᠠᠯ | ᠪᠦᠬᠦᠢ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠲᠤᠭᠤᠷᠪᠢᠵᠤ᠂ ᠮᠡᠳᠡᠯᠭᠡ ᠶᠢᠨ ᠪᠦᠲᠦᠭᠡᠭᠳᠡᠬᠦᠨ ᠤ | ᠥᠮᠴᠢᠯᠡᠬᠦ ᠡᠷᠬᠡ ᠶᠢᠨ ᠬᠦᠴᠦᠷᠬᠡᠭ ᠣᠷᠣᠨ ᠤ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠃ | ︵ᠠᠷᠪᠠ ᠶᠢᠰᠦ︶ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢ ᠬᠠᠮᠠᠭᠠᠯᠠᠬᠤ ᠰᠢᠰᠲ᠋ᠧᠮᠵᠢ ᠶᠢ | ᠪᠠᠶᠢᠭᠤᠯᠬᠤ ᠲᠥᠰᠦᠯ ᠢ ᠲᠤᠭᠤᠷᠪᠢᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠡᠷᠡᠭᠯᠡᠯᠲᠡ ᠶᠢ ᠠᠬᠢᠭᠤᠯᠵᠤ᠂ ᠮᠡᠳᠡᠯᠭᠡ ᠶᠢᠨ | ᠪᠦᠲᠦᠭᠡᠭᠳᠡᠬᠦᠨ ᠤ ᠥᠮᠴᠢᠯᠡᠬᠦ ᠡᠷᠬᠡ ᠶᠢ ᠬᠠᠮᠠᠭᠠᠯᠠᠬᠤ ᠪᠠ ᠮᠡᠳᠡᠭᠡ ᠵᠠᠩᠭᠢ ᠶᠢᠨ ᠣᠯᠠᠨ ᠨᠡᠶᠢᠲᠡ ᠶᠢᠨ | ᠦᠢᠯᠡᠴᠢᠯᠡᠭᠡᠨ ᠤ ᠰᠢᠰᠲ᠋ᠧᠮᠵᠢ ᠶᠢᠨ ᠪᠠᠶᠢᠭᠤᠯᠤᠯᠲᠠ ᠶᠢ ᠠᠬᠢᠭᠤᠯᠤᠨ᠎ᠠ᠃ ᠮᠡᠳᠡᠯᠭᠡ ᠶᠢᠨ ᠪᠦᠲᠦᠭᠡᠭᠳᠡᠬᠦᠨ ᠤ | ᠥᠮᠴᠢᠯᠡᠬᠦ ᠡᠷᠬᠡ ᠶᠢᠨ ᠲᠤᠷᠰᠢᠯᠲᠠ ᠶᠢᠨ ᠴᠡᠭ ᠤᠨ ᠵᠢᠱᠢᠶ᠎ᠡ ᠦᠵᠡᠭᠦᠯᠬᠦ ᠠᠵᠢᠯ ᠢ ᠥᠷᠨᠢᠭᠦᠯᠦᠨ᠎ᠡ᠃ ᠤᠳᠠ | ᠲᠣᠭᠤᠷᠢᠭ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠲᠤᠰᠬᠠᠶ ᠪᠡᠯᠡ ᠮᠥᠩᠭᠦ ᠶᠢ ᠬᠠᠮᠢᠶᠠᠷᠴᠤ᠂ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢ ᠬᠤᠪᠢᠷᠠᠭᠤᠯᠬᠤ ᠲᠥᠷᠥᠯ ᠵᠦᠢᠯ ᠢ ᠵᠣᠬᠢᠶᠠᠨ ᠪᠠᠶᠢᠭᠤᠯᠤᠨ | ᠬᠡᠷᠡᠭᠵᠢᠭᠦᠯᠵᠦ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢ ᠰᠢᠯᠵᠢᠭᠦᠯᠦᠨ ᠬᠤᠪᠢᠷᠠᠭᠤᠯᠬᠤ ᠶᠢ | ᠠᠬᠢᠭᠤᠯᠤᠨ᠎ᠠ᠃ ᠲᠠᠸᠠᠷ ᠤᠨ ᠲᠡᠮᠳᠡᠭ ᠤᠨ ᠲᠤᠰᠬᠠᠶ ᠠᠰᠢᠭ ᠤᠨ ᠬᠠᠤᠯᠢ ᠬᠡᠷᠡᠭᠵᠢᠭᠦᠯᠬᠦ᠂ ᠮᠡᠳᠡᠯᠭᠡ ᠶᠢᠨ | ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠮᠠᠷᠭᠤᠯᠳᠤᠭᠠᠨ ᠢ ᠰᠢᠢᠳᠪᠦᠷᠢᠯᠡᠬᠦ᠂ ᠡᠷᠬᠡ ᠪᠠᠨ ᠬᠠᠮᠠᠭᠠᠯᠠᠬᠤ ᠳᠤ | ᠲᠤᠰᠠᠯᠠᠬᠤ ᠪᠠ ᠵᠢᠭᠤᠷᠠᠯᠳᠤᠭᠠᠨ ᠢ ᠡᠶᠡᠳᠡᠭᠦᠯᠦᠨ ᠰᠢᠢᠳᠪᠦᠷᠢᠯᠡᠬᠦ ᠶᠢ ᠵᠢᠯᠣᠭᠤᠳᠴᠤ᠂ ᠮᠡᠳᠡᠯᠭᠡ ᠶᠢᠨ | ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠬᠠᠤᠯᠢ ᠶᠣᠰᠣᠭᠠᠷ | ᠪᠠᠶᠢᠴᠠᠭᠠᠨ ᠰᠢᠢᠳᠪᠦᠷᠢᠯᠡᠨ᠎ᠡ᠃ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠤᠷᠢᠳᠴᠢᠯᠠᠨ | ᠰᠡᠷᠡᠮᠵᠢᠯᠡᠭᠦᠯᠬᠦ ᠪᠠ ᠭᠠᠳᠠᠭᠠᠳᠤ ᠳᠤ ᠬᠤᠯᠪᠣᠭᠳᠠᠬᠤ ᠵᠡᠷᠭᠡ ᠠᠵᠢᠯ ᠢ ᠵᠣᠬᠢᠶᠠᠨ ᠪᠠᠶᠢᠭᠤᠯᠤᠨ ᠵᠢᠯᠣᠭᠤᠳᠤᠨ᠎ᠠ᠃ | ︵ᠬᠤᠷᠢ︶ ᠰᠢᠨᠵᠢᠯᠡᠬᠦ ᠤᠬᠠᠭᠠᠨ ᠮᠡᠷᠭᠡᠵᠢᠯ ᠪᠠ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ᠂ ᠰᠣᠨᠢᠨ | ᠮᠡᠳᠡᠭᠡᠨ ᠤ ᠤᠬᠠᠭᠤᠯᠭ᠎ᠠ ᠵᠡᠷᠭᠡ ᠠᠵᠢᠯ ᠢ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠠᠵᠢᠯ ᠢ | ᠬᠠᠷᠢᠭᠤᠴᠠᠨ᠎ᠠ᠃ | ︵ᠬᠤᠷᠢᠨ ᠨᠢᠭᠡ︶ ᠵᠢᠵᠢᠭ ᠪᠢᠴᠢᠯ ᠠᠵᠤ ᠠᠬᠤᠶᠢᠯᠠᠯ᠂ ᠬᠤᠪᠢ ᠶᠢᠨ ᠠᠵᠤ ᠦᠢᠯᠡᠳᠪᠦᠷᠢ ᠬᠤᠳᠠᠯᠳᠤᠭᠠᠨ ᠤ | ᠡᠷᠦᠬᠡ᠂ ᠲᠤᠰᠬᠠᠢ ᠵᠠᠬ᠎ᠠ ᠳᠡᠯᠭᠡᠭᠦᠷ ᠤᠨ ᠨᠠᠮ ᠤᠨ ᠪᠠᠶᠢᠭᠤᠯᠤᠯᠲᠠ ᠶᠢᠨ ᠠᠵᠢᠯ ᠢ ᠵᠢᠯᠣᠭᠤᠳᠤᠨ ᠥᠷᠨᠢᠭᠦᠯᠦᠨ᠎ᠡ᠃ | ᠨᠡᠶᠢᠲᠡ ᠶᠢᠨ ᠥᠮᠴᠢᠯᠡᠯ ᠤᠨ ᠪᠤᠰᠤ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠶᠢᠨ ᠡᠪᠯᠡᠯ ᠪᠠᠶᠢᠭᠤᠯᠬᠤ ᠠᠵᠢᠯ ᠢ | ᠵᠢᠯᠣᠭᠤᠳᠤᠨ᠎ᠠ᠃ | ︵ᠬᠤᠷᠢᠨ ᠬᠤᠶᠠᠷ︶ ᠦᠬᠠᠢ ᠬᠤᠲᠠ ᠶᠢᠨ ᠨᠠᠮ ᠤᠨ ᠬᠤᠷᠢᠶ᠎ᠠ᠂ ᠤᠳᠠ ᠲᠣᠭᠤᠷᠢᠭ ᠤᠨ ᠨᠠᠮ ᠤᠨ ᠬᠤᠷᠢᠶ᠎ᠠ᠂ | ᠲᠣᠭᠤᠷᠢᠭ ᠤᠨ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ ᠡᠭᠦᠷᠭᠡ ᠶᠢ ᠪᠡᠶᠡᠯᠡᠭᠦᠯᠦᠨ᠎ᠡ᠃ | ︵ᠬᠤᠷᠢᠨ ᠭᠤᠷᠪᠠ︶ ᠡᠭᠦᠷᠭᠡ ᠴᠢᠳᠠᠪᠤᠷᠢ ᠶᠢ ᠬᠤᠪᠢᠷᠠᠭᠤᠯᠤᠨ᠎ᠠ᠃ | 1.ᠶᠠᠰᠤ ᠴᠢᠨᠠᠷ ᠤᠨ ᠳᠡᠭᠡᠭᠰᠢᠯᠡᠯᠲᠡ ᠶᠢ ᠶᠡᠬᠡᠪᠡᠷ ᠠᠬᠢᠭᠤᠯᠤᠨ᠎ᠠ᠃ ᠪᠥᠬᠦ ᠲᠠᠯ᠎ᠠ ᠶᠢᠨ ᠶᠠᠰᠤ ᠴᠢᠨᠠᠷ ᠤᠨ | ᠬᠠᠮᠢᠶᠠᠷᠤᠯᠲᠠ ᠪᠠ ᠶᠠᠰᠤ ᠴᠢᠨᠠᠷ ᠤᠨ ᠰᠠᠭᠤᠷᠢ ᠪᠡᠯᠡᠳᠬᠡᠮᠵᠢ ᠶᠢᠨ ᠰᠢᠰᠲ᠋ᠧᠮᠵᠢ ᠶᠢᠨ ᠪᠠᠶᠢᠭᠤᠯᠤᠯᠲᠠ ᠶᠢ | ᠴᠢᠩᠭᠠᠳᠬᠠᠵᠤ᠂ ᠶᠠᠰᠤ ᠴᠢᠨᠠᠷ ᠤᠨ ᠤᠷᠮᠠᠰᠢᠭᠤᠯᠬᠤ ᠳᠦᠷᠢᠮ ᠢ ᠲᠡᠭᠦᠯᠳᠡᠷᠵᠢᠭᠦᠯᠦᠨ᠂ ᠨᠠᠷᠠᠲᠤ ᠲᠥᠷᠥᠯ | ᠲᠡᠮᠳᠡᠭᠲᠦ ᠶᠢᠨ ᠪᠠᠶᠢᠭᠤᠯᠤᠯᠲᠠ ᠶᠢ ᠠᠬᠢᠭᠤᠯᠤᠨ᠎ᠠ᠃ ᠠᠵᠤ ᠠᠬᠤᠶᠢᠯᠠᠯ ᠤᠨ ᠦᠢᠯᠡᠳᠬᠦᠨ ᠤ ᠶᠠᠰᠤ ᠴᠢᠨᠠᠷ ᠤᠨ ᠠᠮᠤᠷ | ᠲᠦᠪᠰᠢᠨ ᠤ ᠠᠳᠡᠯ ᠢ ᠠᠯᠪᠠᠳᠠᠯᠭ᠎ᠠ ᠪᠠᠷ ᠮᠡᠳᠡᠭᠦᠯᠬᠦ ᠳᠦᠷᠢᠮ ᠵᠢᠴᠢ ᠡᠵᠡᠩᠨᠡᠭᠴᠢ ᠠᠴᠠ ᠤᠷᠢᠳᠠᠪᠠᠷ ᠠᠰᠠᠭᠤᠬᠤ ᠪᠠ | ᠤᠷᠢᠳᠠᠪᠠᠷ ᠲᠥᠯᠥᠬᠦ ᠳᠦᠷᠢᠮ ᠢ ᠨᠠᠶᠢᠳᠠᠪᠤᠷᠢᠵᠢᠭᠤᠯᠵᠤ᠂ ᠭᠤᠷᠪᠠᠳᠠᠭᠢ ᠡᠲᠡᠭᠡᠳ ᠤᠨ ᠶᠠᠰᠤ ᠴᠢᠨᠠᠷ ᠤᠨ | ᠦᠨᠡᠯᠡᠯᠲᠡ ᠶᠢᠨ ᠰᠢᠨ᠎ᠡ ᠶᠢ ᠡᠭᠦᠳᠴᠦ᠂ ᠦᠢᠯᠡᠳᠪᠦᠷᠢᠯᠡᠵᠦ ᠡᠵᠡᠩᠨᠡᠭᠴᠢ ᠶᠢᠨ ᠭᠤᠣᠯ ᠴᠣᠭᠴᠠ ᠶᠢᠨ | ᠬᠠᠷᠢᠭᠤᠴᠠᠯᠭ᠎ᠠ ᠶᠢ ᠴᠢᠩᠭᠠᠷᠠᠭᠤᠯᠤᠨ᠂ ᠲᠡᠷᠢᠭᠦᠨ ᠤ ᠶᠠᠰᠤ ᠴᠢᠨᠠᠷ ᠤᠨ ᠬᠠᠮᠢᠶᠠᠷᠤᠯᠲᠠ ᠶᠢᠨ ᠠᠷᠭ᠎ᠠ ᠶᠢ | ᠳᠡᠯᠭᠡᠷᠡᠭᠦᠯᠦᠨ᠎ᠡ᠂ ᠠᠵᠤ ᠠᠬᠤᠶᠢᠯᠠᠯ ᠤᠨ ᠦᠢᠯᠡᠳᠬᠦᠨ ᠬᠢᠭᠡᠳ ᠦᠢᠯᠡᠴᠢᠯᠡᠭᠡᠨ ᠤ ᠪᠠᠷᠢᠮᠵᠢᠶ᠎ᠠ ᠶᠢᠨ ᠥᠪᠡᠷ ᠤᠨ | ᠢᠯᠡᠷᠬᠡᠶᠢᠯᠡᠯᠲᠡ ᠪᠠᠨ ᠢᠯᠡ ᠪᠣᠯᠭᠠᠬᠤ ᠪᠠ ᠬᠢᠨᠠᠯᠲᠠ ᠲᠠᠯᠪᠢᠬᠤ ᠳᠦᠷᠢᠮ ᠢ ᠪᠥᠬᠦ ᠲᠠᠯ᠎ᠠ ᠪᠠᠷ ᠬᠡᠷᠡᠭᠵᠢᠭᠦᠯᠵᠦ᠂ | ᠲᠡᠷᠢᠭᠦᠨ ᠤ ᠮᠡᠷᠭᠡᠵᠢᠯ ᠲᠠᠢ ᠪᠦᠯᠬᠦᠮ ᠨᠡᠶᠢᠲᠡ ᠶᠢᠨ ᠪᠠᠷᠢᠮᠵᠢᠶ᠎ᠠ ᠶᠢ ᠪᠣᠶᠢᠵᠢᠭᠤᠯᠤᠨ ᠬᠥᠭᠵᠢᠭᠦᠯᠵᠦ᠂ | ᠪᠠᠷᠢᠮᠵᠢᠶᠠᠵᠢᠭᠤᠯᠤᠯᠲᠠ ᠪᠠᠷ ᠶᠠᠰᠤ ᠴᠢᠨᠠᠷ ᠢᠶᠠᠷ ᠣᠷᠣᠨ ᠢᠶᠠᠨ ᠬᠦᠴᠦᠷᠬᠡᠭᠵᠢᠭᠦᠯᠬᠦ ᠪᠦᠲᠦᠭᠡᠨ ᠪᠠᠶᠢᠭᠤᠯᠤᠯᠲᠠ ᠶᠢ | ᠠᠬᠢᠭᠤᠯᠤᠨ᠎ᠠ᠃ | 2. ᠵᠠᠰᠠᠭ ᠢ ᠴᠣᠮᠬᠠᠳᠬᠠᠨ ᠡᠷᠬᠡ ᠶᠢ ᠳᠣᠷᠣᠭᠰᠢ ᠪᠠᠭᠤᠯᠭᠠᠬᠤ ᠶᠢ ᠭᠦᠨᠵᠡᠭᠡᠢ ᠠᠬᠢᠭᠤᠯᠤᠨ᠎ᠠ᠃ | ᠬᠤᠳᠠᠯᠳᠤᠭᠠᠨ ᠤ ᠶᠠᠪᠤᠳᠠᠯ ᠤᠨ ᠳᠦᠷᠢᠮ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠠᠵᠤ ᠠᠬᠤᠶᠢᠯᠠᠯ ᠤᠨ | ᠨᠡᠷᠡᠶᠢᠳᠦᠯ ᠢ ᠬᠢᠨᠠᠨ ᠵᠥᠪᠰᠢᠶᠡᠷᠡᠬᠦ᠂ ᠵᠠᠬ᠎ᠠ ᠳᠡᠯᠭᠡᠭᠦᠷ ᠤᠨ ᠪᠡᠶᠡᠴᠢ ᠴᠣᠭᠴᠠ ᠠᠴᠠ ᠤᠬᠤᠷᠢᠨ ᠭᠠᠷᠬᠤ ᠵᠡᠷᠭᠡ | ᠳᠦᠷᠢᠮ ᠳᠤ ᠥᠭᠡᠷᠡᠴᠢᠯᠡᠯᠲᠡ ᠬᠢᠵᠦ᠂ ︽ᠦᠨᠡᠮᠯᠡᠯ ᠪᠠ ᠭᠡᠷᠡᠴᠢ ᠶᠢ ᠰᠠᠯᠭᠠᠬᠤ︾ ᠥᠭᠡᠷᠡᠴᠢᠯᠡᠯᠲᠡ ᠶᠢ | ᠭᠦᠨᠵᠡᠭᠡᠶᠢᠷᠡᠭᠦᠯᠵᠦ᠂ ︽ᠦᠨᠡᠮᠯᠡᠯ ᠠᠪᠤᠭᠰᠠᠨ ᠤ ᠲᠠᠷᠠᠭ᠎ᠠ ᠦᠨᠡᠮᠯᠡᠯ ᠬᠠᠰᠤᠬᠤ︾ ᠶᠢ ᠲᠦᠯᠬᠢᠨ ᠠᠬᠢᠭᠤᠯᠵᠤ᠂ ᠠᠵᠤ | ᠠᠬᠤᠶᠢᠯᠠᠯ ᠤᠨ ᠨᠡᠭᠡᠭᠡᠨ ᠡᠷᠬᠢᠯᠡᠬᠦ ᠴᠠᠭ ᠢ ᠪᠠᠭᠠᠰᠬᠠᠨ᠎ᠠ᠃ ᠰᠢᠯᠭᠠᠨ ᠪᠠᠶᠢᠴᠠᠭᠠᠬᠤ ᠪᠠᠶᠢᠴᠠᠭᠠᠨ ᠬᠡᠮᠵᠢᠬᠦ | ᠪᠠᠶᠢᠭᠤᠯᠤᠮᠵᠢ ᠶᠢᠨ ᠵᠠᠬ᠎ᠠ ᠳᠡᠯᠭᠡᠭᠦᠷᠴᠢᠯᠡᠬᠦ ᠨᠡᠶᠢᠭᠡᠮᠴᠢᠯᠡᠬᠦ ᠥᠭᠡᠷᠡᠴᠢᠯᠡᠯᠲᠡ ᠶᠢ ᠲᠦᠷᠭᠡᠳᠬᠡᠨ᠎ᠡ᠃ ᠠᠳᠠᠯᠢᠳᠬᠠᠨ | ᠰᠢᠯᠭᠠᠷᠠᠭᠤᠯᠵᠤ ᠪᠠᠷᠢᠮᠵᠢᠶ᠎ᠠ ᠳᠤ ᠬᠦᠷᠦᠭᠦᠯᠬᠦ᠂ ᠮᠠᠭᠠᠳᠯᠠᠨ ᠲᠣᠭᠲᠠᠭᠠᠵᠤ ᠱᠠᠩᠨᠠᠬᠤ᠂ ᠵᠢᠱᠢᠶ᠎ᠡ ᠦᠵᠡᠭᠦᠯᠦᠨ ᠡᠭᠦᠳᠦᠨ | ᠪᠠᠶᠢᠭᠤᠯᠬᠤ ᠵᠡᠷᠭᠡ ᠠᠵᠢᠯᠯᠠᠭ᠎ᠠ ᠶᠢ ᠤᠯᠠᠮ ᠨᠢᠭᠡ ᠠᠯᠬᠤᠮ ᠪᠠᠭᠠᠰᠬᠠᠵᠤ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ | ᠵᠦᠢᠯᠡᠰ ᠢ ᠴᠥᠭᠡᠳᠬᠡᠵᠦ᠂ ᠠᠵᠤ ᠦᠢᠯᠡᠳᠪᠦᠷᠢ ᠶᠢᠨ ᠦᠢᠯᠡᠳᠬᠦᠨ ᠤ ᠦᠢᠯᠡᠳᠪᠦᠷᠢᠯᠡᠯ ᠤᠨ ᠵᠥᠪᠰᠢᠶᠡᠷᠡᠯ ᠤᠨ | ᠦᠨᠡᠮᠯᠡᠯ ᠢ ᠶᠡᠭᠡ ᠪᠠᠷ ᠪᠠᠭᠠᠰᠬᠠᠵᠤ᠂ ᠬᠤᠳᠠᠯᠳᠤᠭ᠎ᠠ ᠡᠵᠡᠩᠨᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠶᠢ | ᠠᠬᠢᠭᠤᠯᠤᠨ᠎ᠠ᠃ | 3.ᠠᠮᠤᠷ ᠲᠦᠪᠰᠢᠨ ᠤ ᠬᠤᠷᠢᠭ᠎ᠠ ᠱᠤᠭᠤᠮ ᠢ ᠴᠢᠩᠭ᠎ᠠ ᠰᠠᠬᠢᠨ᠎ᠠ᠃ ︽ᠬᠠᠮᠤᠭ ᠤᠨ ᠴᠢᠩᠭ᠎ᠠ ᠪᠠᠷᠢᠮᠵᠢᠶ᠎ᠠ᠂ | ᠬᠠᠮᠤᠭ ᠤᠨ ᠴᠢᠩᠭ᠎ᠠ ᠬᠢᠨᠠᠯᠲᠠ ᠬᠠᠮᠢᠶᠠᠷᠤᠯᠲᠠ᠂ ᠬᠠᠮᠤᠭ ᠤᠨ ᠴᠢᠩᠭ᠎ᠠ ᠰᠢᠳᠬᠡᠯ᠂ ᠬᠠᠮᠤᠭ ᠤᠨ ᠴᠢᠩᠭ᠎ᠠ | ᠬᠠᠷᠢᠭᠤᠴᠠᠯᠭ᠎ᠠ ᠨᠡᠬᠡᠮᠵᠢᠯᠡᠬᠦ︾ ᠱᠠᠭᠠᠷᠳᠠᠯᠭ᠎ᠠ ᠶᠢ ᠵᠢᠷᠤᠮᠯᠠᠨ᠂ ᠢᠳᠡᠭᠡᠨ ᠤ ᠵᠦᠢᠯ ᠡᠮ ᠤᠨ ᠵᠦᠢᠯ ᠤᠨ ᠠᠮᠤᠷ | ᠲᠦᠪᠰᠢᠨ᠂ ᠠᠵᠤ ᠦᠢᠯᠡᠳᠪᠦᠷᠢ ᠶᠢᠨ ᠦᠢᠯᠡᠳᠬᠦᠨ ᠤ ᠶᠠᠰᠤ ᠴᠢᠨᠠᠷ ᠤᠨ ᠠᠮᠤᠷ ᠲᠦᠪᠰᠢᠨ᠂ ᠣᠨᠴᠠ ᠲᠦᠷᠦᠯ ᠤᠨ | ᠲᠤᠨᠤᠭ ᠲᠥᠬᠦᠭᠡᠷᠦᠮᠵᠢ ᠶᠢᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ ᠬᠠᠤᠯᠢ ᠶᠣᠰᠣᠭᠠᠷ ᠴᠢᠩᠭᠠᠳᠬᠠᠵᠤ᠂ | ᠲᠤᠬᠠᠢ ᠶᠢᠨ ᠲᠠᠯᠠᠪᠤᠷ ᠤᠨ ᠪᠠᠶᠢᠴᠠᠭᠠᠯᠲᠠ ᠶᠢ ᠴᠢᠩᠭᠠᠳᠬᠠᠵᠤ᠂ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ | ᠠᠵᠢᠯᠯᠠᠭ᠎ᠠ ᠶᠢ ᠴᠢᠩᠭ᠎ᠠ ᠵᠠᠯᠬᠠᠭᠠᠨ ᠰᠢᠳᠬᠡᠨ᠎ᠡ᠃ ᠢᠳᠡᠭᠡᠨ᠂ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠠ | ᠵᠠᠰᠠᠯ ᠴᠢᠮᠡᠭᠯᠡᠯ ᠤᠨ ᠡᠳ᠋ ᠢ ᠬᠢᠨᠠᠨ ᠲᠣᠭᠲᠠᠭᠠᠬᠤ᠂ ᠪᠠᠶᠢᠴᠠᠭᠠᠬᠤ᠂ ᠰᠢᠯᠭᠠᠨ ᠪᠠᠶᠢᠴᠠᠭᠠᠵᠤ ᠬᠢᠨᠠᠨ ᠬᠡᠮᠵᠢᠬᠦ ᠵᠡᠷᠭᠡ | ᠬᠢᠨᠠᠨ ᠬᠠᠮᠢᠶᠠᠷᠬᠤ ᠰᠢᠰᠲ᠋ᠧᠮ ᠢ ᠲᠡᠭᠦᠯᠳᠡᠷᠵᠢᠭᠦᠯᠵᠦ᠂ ᠬᠢᠨᠠᠨ ᠬᠠᠮᠢᠶᠠᠷᠬᠤ ᠡᠩᠨᠡᠭᠡᠨ ᠤ ᠠᠵᠢᠯ ᠮᠡᠷᠭᠡᠵᠢᠬᠦ ᠬᠢᠷᠢ | ᠬᠡᠮᠵᠢᠶ᠎ᠡ ᠶᠢ ᠳᠡᠭᠡᠭᠰᠢᠯᠡᠭᠦᠯᠵᠦ᠂ ᠰᠢᠰᠲ᠋ᠧᠮ ᠤᠨ ᠴᠢᠨᠠᠷᠲᠠᠢ᠂ ᠣᠷᠣᠨ ᠪᠦᠰᠡ ᠶᠢᠨ ᠴᠢᠨᠠᠷᠲᠠᠢ ᠠᠶᠤᠯ ᠲᠦᠭᠰᠢᠭᠦᠷᠢ ᠶᠢ | ᠪᠦᠲᠦᠮᠵᠢᠲᠡᠶ ᠪᠠᠷ ᠰᠡᠷᠭᠡᠶᠢᠯᠡᠨ᠎ᠡ᠃ ᠨᠡᠬᠡᠮᠵᠢᠯᠡᠬᠦ ᠰᠢᠰᠲ᠋ᠧᠮᠵᠢ ᠶᠢᠨ ᠪᠠᠶᠢᠭᠤᠯᠤᠯᠲᠠ ᠶᠢ ᠠᠬᠢᠭᠤᠯᠵᠤ᠂ ᠠᠵᠤ | ᠠᠬᠤᠶᠢᠯᠠᠯ ᠤᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠎ᠠ᠃ ᠢᠳᠡᠭᠡᠨ ᠤ ᠵᠦᠢᠯ᠂ ᠡᠮ ᠤᠨ | ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ᠂ ᠠᠵᠤ ᠦᠢᠯᠡᠳᠪᠦᠷᠢ ᠶᠢᠨ ᠦᠢᠯᠡᠳᠬᠦᠨ᠂ ᠣᠨᠴᠠ ᠲᠦᠷᠦᠯ ᠤᠨ ᠲᠤᠨᠤᠭ | ᠲᠥᠬᠦᠭᠡᠷᠦᠮᠵᠢ ᠶᠢᠨ ᠠᠶᠤᠯᠭᠦᠢ ᠪᠥᠭᠡᠳ ᠪᠦᠲᠦᠮᠵᠢᠲᠡᠶ ᠪᠠᠶᠢᠬᠤ ᠶᠢ ᠪᠠᠲᠤᠯᠠᠵᠤ᠂ ᠠᠷᠠᠳ ᠤᠯᠠᠨ ᠢ ᠰᠠᠨᠠᠭ᠎ᠠ ᠠᠮᠤᠷ | ᠬᠤᠳᠠᠯᠳᠤᠨ ᠠᠪᠴᠤ᠂ ᠬᠡᠷᠡᠭᠯᠡᠬᠦ ᠳᠤ ᠰᠠᠨᠠᠭ᠎ᠠ ᠠᠮᠤᠷ ᠪᠠᠶᠢᠯᠭᠠᠵᠤ᠂ ᠢᠳᠡᠬᠦ ᠳᠤ ᠰᠠᠨᠠᠭ᠎ᠠ ᠠᠮᠤᠷ ᠪᠠᠶᠢᠯᠭᠠᠨ᠎ᠠ᠃ | 4.ᠬᠡᠷᠡᠭ ᠤᠨ ᠳᠤᠮᠳᠠᠬᠢ ᠪᠠ ᠬᠡᠷᠡᠭ ᠤᠨ ᠳᠠᠷᠠᠭᠠᠬᠢ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠎ᠠ᠃ | ᠨᠢᠭᠡᠳᠦᠯᠲᠡᠢ ᠵᠠᠬ᠎ᠠ ᠳᠡᠯᠭᠡᠭᠦᠷ ᠪᠠ ᠭᠤᠣᠯᠴᠢ ᠥᠷᠢᠰᠦᠯᠳᠦᠭᠡᠨ ᠢ ᠬᠠᠷᠰᠢᠯᠠᠵᠤ ᠪᠠᠶᠢᠭ᠎ᠠ ᠡᠯ᠎ᠡ ᠵᠦᠢᠯ ᠤᠨ ᠣᠷᠣᠨ | ᠨᠤᠲᠤᠭ ᠤᠨ ᠴᠢᠨᠠᠷᠲᠠᠢ ᠲᠣᠭᠲᠠᠭᠠᠯ ᠪᠠ ᠠᠷᠭ᠎ᠠ ᠬᠢᠳᠡᠯ ᠢ ᠴᠡᠪᠡᠷᠯᠡᠨ ᠬᠦᠴᠦᠨ ᠦᠭᠡᠢ ᠪᠣᠯᠭᠠᠬᠤ ᠶᠢ ᠲᠦᠷᠭᠡᠳᠬᠡᠵᠦ᠂ | ᠵᠦᠢ ᠪᠤᠰᠤ ᠥᠷᠢᠰᠦᠯᠳᠦᠭᠡᠨ ᠢ ᠡᠰᠡᠷᠭᠦᠴᠡᠬᠦ ᠨᠢᠭᠡᠳᠦᠯᠲᠡᠢ ᠬᠠᠤᠯᠢ ᠬᠡᠷᠡᠭᠵᠢᠭᠦᠯᠦᠯᠲᠡ ᠶᠢ ᠴᠢᠩᠭᠠᠳᠬᠠᠨ᠎ᠠ᠃ | ᠪᠠᠷᠢᠮᠵᠢᠶ᠎ᠠ ᠶᠢ ᠦᠨᠳᠦᠰᠦᠯᠡᠨ ᠬᠢᠨᠠᠨ ᠬᠠᠮᠢᠶᠠᠷᠬᠤ ᠶᠢ ᠴᠢᠩᠭᠠᠳᠬᠠᠵᠤ᠂ ᠲᠦᠭᠰᠢᠭᠦᠷᠢ ᠶᠢᠨ ᠬᠠᠮᠢᠶᠠᠷᠤᠯᠲᠠ ᠶᠢ ᠢᠳᠡᠭᠡᠨ᠂ | ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠤᠨ ᠪᠥᠬᠦ ᠠᠮᠢ ᠨᠠᠰᠤᠨ ᠤ ᠦᠶᠡᠯᠡᠯ ᠤᠨ ᠬᠤᠭᠤᠴᠠᠭᠠᠨ ᠤ | ᠬᠠᠮᠢᠶᠠᠷᠤᠯᠲᠠ ᠶᠢᠨ ᠳᠦᠷᠢᠮ ᠢ ᠲᠡᠭᠦᠯᠳᠡᠷᠵᠢᠭᠦᠯᠵᠦ᠂ ᠪᠥᠬᠦ ᠶᠠᠪᠤᠴᠠ ᠶᠢᠨ ᠶᠠᠰᠤ ᠴᠢᠨᠠᠷ ᠤᠨ ᠠᠮᠤᠷ ᠲᠦᠪᠰᠢᠨ ᠤ | ᠲᠦᠭᠰᠢᠭᠦᠷᠢ ᠶᠢᠨ ᠬᠠᠮᠢᠶᠠᠷᠤᠯᠲᠠ ᠶᠢ ᠴᠢᠩᠭᠠᠷᠠᠭᠤᠯᠤᠨ᠂ ᠬᠢᠨᠠᠨ ᠬᠠᠮᠢᠶᠠᠷᠬᠤ ᠠᠷᠭ᠎ᠠ ᠮᠠᠶ᠋ᠢᠭ ᠤᠨ ᠰᠢᠨ᠎ᠡ ᠶᠢ ᠡᠭᠦᠳᠴᠦ | ︽ᠬᠤᠶᠠᠷ ᠢ ᠲᠣᠬᠢᠶᠠᠯᠳᠤᠯ ᠢᠶᠠᠷ ᠬᠢᠬᠦ᠂ ᠨᠢᠭᠡ ᠶᠢ ᠢᠯᠡ ᠪᠣᠯᠭᠠᠬᠤ︾ ᠪᠠ ︽ᠢᠨᠲ᠋ᠧᠷ ᠰᠦᠯᠵᠢᠶ᠎ᠡ+ ᠬᠢᠨᠠᠯᠲᠠ | ᠬᠠᠮᠢᠶᠠᠷᠤᠯᠲᠠ︾ ᠶᠢ ᠪᠥᠬᠦ ᠲᠠᠯ᠎ᠠ ᠪᠠᠷ ᠬᠡᠷᠡᠭᠵᠢᠭᠦᠯᠦᠨ ᠨᠠᠶᠢᠳᠠᠪᠤᠷᠢᠵᠢᠭᠤᠯᠵᠤ᠂ ᠬᠢᠨᠠᠯᠲᠠ ᠬᠠᠮᠢᠶᠠᠷᠤᠯᠲᠠ ᠶᠢᠨ | ᠦᠢᠯᠡᠳᠦᠯ ᠴᠢᠳᠠᠪᠤᠷᠢ ᠶᠢ ᠳᠡᠭᠡᠭᠰᠢᠯᠡᠭᠦᠯᠦᠨ᠂ ᠰᠢᠨ᠎ᠡ ᠴᠠᠭ ᠦᠶ᠎ᠡ ᠶᠢᠨ ᠣᠯᠠᠨ ᠨᠡᠶᠢᠲᠡ ᠶᠢᠨ ᠢᠳᠡᠭᠡᠨ ᠤᠮᠳᠠᠭᠠᠨ᠂ | ᠡᠮ ᠬᠡᠷᠡᠭᠯᠡᠬᠦ ᠳᠤ ᠬᠡᠷᠡᠭᠯᠡᠬᠦ ᠪᠠᠭᠠᠵᠢ ᠬᠡᠷᠡᠭᠰᠡᠯ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠨ᠎ᠠ᠃ ᠬᠢᠨᠠᠯᠲᠠ | ᠬᠠᠮᠢᠶᠠᠷᠤᠯᠲᠠ ᠶᠢᠨ ᠮᠡᠳᠡᠭᠡ ᠵᠠᠩᠭᠢ ᠶᠢ ᠬᠠᠮᠲᠤᠪᠠᠷ ᠡᠳ᠋ᠯᠡᠬᠦ ᠶᠢ ᠲᠦᠷᠭᠡᠳᠬᠡᠨ ᠠᠬᠢᠭᠤᠯᠵᠤ᠂ ᠮᠡᠳᠡᠭᠡ ᠵᠠᠩᠭᠢ ᠶᠢ ᠢᠯᠡ | ᠨᠡᠶᠢᠲᠡᠯᠡᠬᠦ ᠪᠠᠷ ᠠᠷᠭ᠎ᠠ ᠪᠠᠷᠢᠯ ᠪᠣᠯᠭᠠᠭᠰᠠᠨ᠂ ᠢᠲᠡᠭᠡᠮᠵᠢ ᠶᠢᠨ ᠬᠢᠨᠠᠯᠲᠠ ᠬᠠᠮᠢᠶᠠᠷᠤᠯᠲᠠ ᠪᠠᠷ ᠭᠤᠣᠯ ᠪᠣᠯᠭᠠᠭᠰᠠᠨ | ᠰᠢᠨ᠎ᠡ ᠬᠡᠯᠪᠡᠷᠢ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮᠵᠢ ᠶᠢ ᠪᠠᠶᠢᠭᠤᠯᠤᠨ᠎ᠠ᠃ | 5.ᠦᠢᠯᠡᠴᠢᠯᠡᠭᠡᠨ ᠤ ᠬᠢᠷᠢ ᠬᠡᠮᠵᠢᠶ᠎ᠡ ᠪᠠᠨ ᠳᠡᠭᠡᠭᠰᠢᠯᠡᠭᠦᠯᠦᠨ᠎ᠡ᠃ ᠬᠡᠷᠡᠭᠯᠡᠭᠴᠢᠳ ᠤᠨ ᠵᠠᠭᠠᠯᠳᠤᠯᠭ᠎ᠠ᠂ ᠶᠠᠰᠤ | ᠴᠢᠨᠠᠷ ᠲᠤ ᠬᠢᠨᠠᠯᠲᠠ ᠲᠠᠯᠪᠢᠵᠤ ᠢᠯᠡᠴᠢᠯᠡᠨ ᠮᠡᠳᠡᠭᠦᠯᠬᠦ᠂ ᠢᠳᠡᠭᠡᠨ ᠪᠠ ᠡᠮ ᠤᠨ ᠵᠦᠢᠯ ᠤᠨ ᠵᠠᠭᠠᠯᠳᠤᠯᠭ᠎ᠠ᠂ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠵᠠᠭᠠᠯᠳᠤᠯᠭ᠎ᠠ᠂ ᠦᠨ᠎ᠡ ᠬᠠᠩᠰᠢ ᠶᠢᠨ ᠢᠯᠡᠴᠢᠯᠡᠨ ᠮᠡᠳᠡᠭᠦᠯᠬᠦ | ᠲᠤᠰᠬᠠᠢ ᠱᠤᠭᠤᠮ ᠢ ᠲᠦᠷᠭᠡᠳᠬᠡᠨ ᠨᠡᠶᠢᠳᠬᠡᠨᠡ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠵᠥᠪᠰᠢᠶᠡᠷᠡᠨ | ᠣᠷᠣᠭᠤᠯᠬᠤ ᠠᠴᠠ ᠤᠬᠤᠷᠢᠨ ᠭᠠᠷᠬᠤ ᠬᠦᠷᠲᠡᠯᠡᠬᠢ ᠪᠥᠬᠦ ᠶᠠᠪᠤᠴᠠ ᠶᠢ ᠳᠥᠭᠦᠮᠴᠢᠯᠡᠬᠦ ᠶᠢ ᠠᠬᠢᠭᠤᠯᠵᠤ᠂ ᠰᠢᠨ᠎ᠡ | ᠮᠡᠷᠭᠡᠵᠢᠯ ᠰᠢᠨ᠎ᠡ ᠠᠵᠤ ᠦᠢᠯᠡᠰ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠰᠢᠨ᠎ᠡ ᠵᠠᠭᠪᠤᠷ ᠤᠨ ᠬᠥᠭᠵᠢᠯᠲᠡ ᠳᠤ | ᠰᠠᠨᠠᠭᠠᠴᠢᠯᠠᠭ᠎ᠠ ᠠᠴᠠ ᠪᠠᠨ ᠦᠢᠯᠡᠴᠢᠯᠡᠨ᠂ ᠲᠣᠮᠣ ᠳ᠋ᠠᠶᠢᠲ᠋ᠠ ᠶᠢ ᠬᠡᠷᠡᠭᠯᠡᠨ ᠵᠠᠬ᠎ᠠ ᠳᠡᠯᠭᠡᠭᠦᠷ ᠤᠨ ᠭᠤᠣᠯ ᠴᠣᠭᠴᠠ ᠳᠤ | ᠦᠢᠯᠡᠴᠢᠯᠡᠬᠦ ᠶᠢ ᠴᠢᠩᠭᠠᠳᠬᠠᠵᠤ᠂ ᠬᠤᠪᠢ ᠶᠢᠨ ᠠᠵᠤ ᠦᠢᠯᠡᠳᠪᠦᠷᠢ ᠬᠤᠳᠠᠯᠳᠤᠭᠠᠨ ᠤ ᠡᠷᠦᠬᠡ᠂ ᠬᠤᠪᠢ ᠶᠢᠨ | ᠡᠵᠡᠩᠨᠡᠯᠲᠡ ᠶᠢᠨ ᠠᠵᠤ ᠠᠬᠤᠶᠢᠯᠠᠯ ᠪᠠ ᠠᠵᠢᠯ ᠶᠠᠪᠤᠳᠠᠯ ᠭᠦᠢᠴᠡᠳᠬᠡᠬᠦ ᠣᠯᠠᠨ ᠲᠦᠮᠡᠨ ᠳᠤ ᠢᠳᠡᠪᠬᠢᠲᠡᠢ | ᠦᠢᠯᠡᠴᠢᠯᠡᠵᠦ᠂ ᠪᠥᠬᠦᠳᠡ ᠣᠯᠠᠨ ᠢᠶᠠᠷ ᠢᠶᠠᠨ ᠠᠳᠠᠯ ᠦᠢᠯᠡᠰ ᠴᠣᠭᠴᠠᠯᠠᠵᠤ᠂ ᠲᠦᠮᠡᠨ ᠣᠯᠠᠨ ᠢᠶᠠᠷ ᠢᠶᠠᠨ ᠰᠢᠨ᠎ᠡ ᠶᠢ | ᠡᠭᠦᠳᠬᠦ ᠶᠢ ᠠᠬᠢᠭᠤᠯᠤᠨ᠎ᠠ᠃ ᠡᠯᠧᠺᠲ᠋ᠣᠷᠣᠨᠴᠢᠯᠠᠭᠰᠠᠨ ᠬᠢᠨᠠᠨ ᠵᠥᠪᠰᠢᠶᠡᠷᠡᠯ ᠢ ᠲᠦᠯᠬᠢᠨ ᠠᠬᠢᠭᠤᠯᠵᠤ᠂ ᠶᠠᠪᠤᠴᠠ ᠶᠢ | ᠰᠢᠯᠢᠳᠡᠭᠵᠢᠭᠦᠯᠦᠨ᠂ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠰᠢᠨ᠎ᠡ ᠶᠢ ᠡᠭᠦᠳᠬᠦ ᠶᠢ ᠤᠷᠮᠠᠰᠢᠭᠤᠯᠬᠤ᠂ ᠬᠠᠤᠯᠢ | ᠶᠣᠰᠣᠨ ᠤ ᠡᠷᠬᠡ ᠠᠰᠢᠭ ᠢ ᠬᠠᠮᠠᠭᠠᠯᠠᠬᠤ ᠣᠷᠴᠢᠨ ᠨᠥᠬᠦᠴᠡᠯ ᠢ ᠪᠤᠢ ᠪᠣᠯᠭᠠᠨ᠎ᠠ᠃ | 6.ᠡᠬᠢ ᠪᠠᠶᠠᠯᠢᠭ ᠢ ᠤᠯᠠᠮ ᠨᠢᠭᠡ ᠠᠯᠬᠤᠮ ᠡᠮᠬᠢᠯᠡᠨ ᠨᠡᠶᠢᠯᠡᠭᠦᠯᠵᠦ᠂ ᠴᠤᠪᠤᠷᠠᠯ ᠢ ᠰᠢᠯᠢᠳᠡᠭᠵᠢᠭᠦᠯᠦᠨ᠂ ᠮᠡᠳᠡᠭᠡ | ᠵᠠᠩᠭᠢᠵᠢᠯᠲᠠ ᠶᠢᠨ ᠠᠷᠭ᠎ᠠ ᠪᠠᠷᠢᠯ ᠢ ᠪᠦᠲᠦᠮᠵᠢᠲᠡᠶ ᠠᠰᠢᠭᠯᠠᠨ᠎ᠠ᠃ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ | ᠡᠷᠬᠡ ᠶᠢᠨ ᠮᠡᠳᠡᠭᠡ ᠵᠠᠩᠭᠢ ᠶᠢᠨ ᠣᠯᠠᠨ ᠨᠡᠶᠢᠲᠡ ᠶᠢᠨ ᠦᠢᠯᠡᠴᠢᠯᠡᠭᠡᠨ ᠤ ᠲᠠᠪᠴᠠᠩ ᠢ ᠲᠦᠷᠭᠡᠳᠬᠡᠨ ᠪᠠᠶᠢᠭᠤᠯᠵᠤ᠂ | ᠪᠥᠬᠦ ᠪᠥᠮᠪᠥᠷᠴᠡᠭ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠮᠡᠳᠡᠭᠡ ᠵᠠᠩᠭᠢ ᠶᠢ ᠴᠤᠭᠯᠠᠭᠤᠯᠤᠨ᠂ | ᠠᠵᠤ ᠦᠢᠯᠡᠰ ᠤᠨ ᠬᠦᠷᠢᠶ᠎ᠡ ᠴᠠᠷᠠᠭ᠎ᠠ ᠪᠠᠷ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠵᠠᠮᠴᠢᠯᠠᠯᠲᠠ ᠶᠢ | ᠴᠢᠩᠭᠠᠳᠬᠠᠨ᠂ ᠠᠳᠠᠯ ᠦᠢᠯᠡᠰ ᠴᠣᠭᠴᠠᠯᠠᠵᠤ ᠰᠢᠨ᠎ᠡ ᠶᠢ ᠡᠭᠦᠳᠬᠦ ᠳᠤ ᠳᠥᠭᠦᠮ ᠳᠥᠲᠡ ᠠᠰᠠᠭᠤᠨ ᠯᠠᠪᠯᠠᠬᠤ ᠵᠡᠷᠭᠡ | ᠦᠢᠯᠡᠴᠢᠯᠡᠭᠡ ᠬᠠᠩᠭᠠᠵᠤ᠂ ᠮᠡᠳᠡᠭᠡ ᠵᠠᠩᠭᠢ ᠶᠢ ᠰᠦᠢᠳᠬᠡᠯ ᠬᠤᠷᠢᠶᠠᠬᠤ ᠦᠭᠡᠢ ᠪᠤᠶᠤ ᠥᠪᠡᠷ ᠤᠨ ᠥᠷᠲᠡᠭ ᠢᠶᠠᠷ | ᠳᠣᠣᠷ᠎ᠠ ᠴᠢᠯᠦᠭᠡᠲᠡᠢ ᠨᠡᠭᠡᠭᠡᠬᠦ ᠶᠢ ᠪᠡᠶᠡᠯᠡᠭᠦᠯᠵᠦ᠂ ᠪᠥᠬᠦ ᠨᠡᠶᠢᠭᠡᠮ ᠤᠨ ᠲᠠᠸᠠᠷ ᠤᠨ ᠲᠡᠮᠳᠡᠭᠲᠦ ᠶᠢ ᠳᠠᠩᠰᠠᠯᠠᠭᠤᠯᠬᠤ᠂ | ᠬᠡᠪ ᠤᠨ ᠪᠤᠰᠤ ᠲᠤᠰᠬᠠᠢ ᠠᠰᠢᠭ ᠢ ᠭᠤᠶᠤᠴᠢᠯᠠᠬᠤ ᠵᠡᠷᠭᠡ ᠠᠵᠢᠯᠯᠠᠭ᠎ᠠ ᠶᠢᠨ ᠢᠲᠡᠭᠡᠮᠵᠢ ᠶᠢᠨ ᠵᠢᠷᠤᠮᠵᠢᠯ ᠢ | ᠴᠢᠩᠭᠠᠳᠬᠠᠨ᠎ᠠ᠃ ᠲᠠᠸᠠᠷ ᠤᠨ ᠲᠡᠮᠳᠡᠭᠲᠦ ᠶᠢ ᠳᠠᠩᠰᠠᠯᠠᠭᠤᠯᠬᠤ ᠪᠠ ᠲᠤᠰᠬᠠᠢ ᠠᠰᠢᠭ ᠭᠤᠶᠤᠴᠢᠯᠠᠬᠤ ᠠᠵᠢᠯᠯᠠᠭ᠎ᠠ ᠶᠢ | ᠵᠢᠷᠤᠮᠵᠢᠭᠤᠯᠵᠤ᠂ ᠡᠷᠬᠡᠲᠦ ᠬᠥᠮᠥᠨ ᠤ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠨ᠎ᠠ᠃ | ︵ᠬᠤᠷᠢᠨ ᠳᠥᠷᠪᠡ︶ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ᠃ | 1.ᠦᠬᠠᠢ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠤᠳᠠ ᠬᠤᠪᠢᠶᠠᠷᠢ ᠲᠣᠪᠴᠢᠶ᠎ᠠ | ᠯᠤᠭ᠎ᠠ ᠶᠢᠨ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ ᠤᠳᠠ ᠲᠣᠭᠤᠷᠢᠭ ᠤᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠪᠣᠯᠣᠨ ᠦᠬᠠᠢ ᠬᠤᠳᠠ ᠶᠢᠨ ᠳᠣᠲᠣᠭᠠᠳᠤ ᠶᠢ ᠬᠠᠮᠠᠭᠠᠯᠠᠬᠤ | ᠲᠣᠪᠴᠢᠶ᠎ᠠ ᠶᠢᠨ ᠤᠳᠠ ᠬᠤᠪᠢᠶᠠᠷᠢ ᠲᠣᠪᠴᠢᠶ᠎ᠠ ᠳᠤ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠ ᠡᠷᠡᠭᠦᠦ ᠶᠢᠨ | ᠬᠡᠷᠡᠭ ᠤᠨ ᠬᠠᠤᠯᠢ ᠴᠠᠭᠠᠵᠠ ᠶᠢᠨ ᠠᠵᠢᠯ ᠢ ᠵᠣᠯᠭᠠᠭᠤᠯᠬᠤ ᠲᠣᠭᠲᠠᠴᠠ ᠶᠢ ᠪᠠᠶᠢᠭᠤᠯᠪᠠ᠃ ᠵᠠᠬ᠎ᠠ ᠳᠡᠯᠭᠡᠭᠦᠷ ᠤᠨ | ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠬᠠᠤᠯᠢ ᠶᠢ ᠵᠥᠷᠢᠴᠡᠭᠰᠡᠨ ᠠᠵᠢᠯᠯᠠᠭ᠎ᠠ ᠨᠢ ᠶᠠᠯ᠎ᠠ ᠬᠢᠭᠰᠡᠨ | ᠰᠡᠵᠢᠭᠯᠡᠯᠲᠡᠢ ᠪᠠᠶᠢᠬᠤ ᠶᠢ ᠣᠯᠵᠤ ᠮᠡᠳᠡᠪᠡᠯ᠂ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠴᠠᠭ ᠲᠤᠬᠠᠢ ᠳᠤᠨᠢ | ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠰᠢᠯᠵᠢᠭᠦᠯᠦᠨ ᠬᠦᠷᠭᠡᠬᠦ ᠬᠡᠷᠡᠭᠲᠡᠢ᠂ ᠳᠣᠲᠣᠭᠠᠳᠤ ᠶᠢ ᠬᠠᠮᠠᠭᠠᠯᠠᠬᠤ | ᠪᠠᠶᠢᠭᠤᠯᠭ᠎ᠠ ᠳᠠᠷᠤᠢ ᠲᠦᠷᠭᠡᠨ ᠬᠢᠨᠠᠨ ᠪᠠᠶᠢᠴᠠᠭᠠᠬᠤ ᠶᠢᠨ ᠬᠠᠮᠲᠤ ᠬᠡᠷᠡᠭ ᠪᠣᠯᠭᠠᠨ ᠳᠠᠩᠰᠠᠯᠠᠬᠤ ᠪᠤᠶᠤ ᠬᠡᠷᠡᠭ ᠪᠣᠯᠭᠠᠨ | ᠳᠠᠩᠰᠠᠯᠠᠬᠤ ᠦᠭᠡᠢ ᠭᠡᠰᠡᠨ ᠲᠣᠭᠲᠠᠭᠠᠯ ᠢ ᠬᠠᠤᠯᠢ ᠶᠣᠰᠣᠭᠠᠷ ᠭᠠᠷᠭᠠᠬᠤ ᠬᠡᠷᠡᠭᠲᠡᠢ᠃ ᠳᠣᠲᠣᠭᠠᠳᠤ ᠶᠢ ᠬᠠᠮᠠᠭᠠᠯᠠᠬᠤ | ᠪᠠᠶᠢᠭᠤᠯᠭ᠎ᠠ ᠠᠴᠠ ᠬᠠᠤᠯᠢ ᠶᠣᠰᠣᠭᠠᠷ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠲᠤ | ᠰᠢᠯᠭᠠᠨ ᠪᠠᠶᠢᠴᠠᠭᠠᠬᠤ᠂ ᠬᠢᠨᠠᠨ ᠲᠣᠭᠲᠠᠭᠠᠬᠤ᠂ ᠮᠠᠭᠠᠳᠯᠠᠨ ᠲᠣᠭᠲᠠᠭᠠᠬᠤ ᠵᠡᠷᠭᠡ ᠬᠠᠮᠵᠢᠯᠴᠠᠭ᠎ᠠ ᠬᠢᠯᠭᠡᠬᠦ ᠪᠠᠷ | ᠳᠡᠪᠰᠢᠭᠦᠯᠦᠭᠰᠡᠨ ᠪᠠᠶᠢᠪᠠᠯ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠠᠴᠠ | ᠬᠠᠮᠵᠢᠯᠴᠠᠬᠤ ᠬᠡᠷᠡᠭᠲᠡᠢ᠃ ᠦᠬᠠᠢ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠤᠳᠠ ᠶᠢᠨ | ᠬᠤᠪᠢᠶᠠᠷᠢ ᠲᠣᠪᠴᠢᠶ᠎ᠠ ᠨᠢ ᠢᠳᠡᠭᠡᠨ᠂ ᠡᠮ ᠤᠨ ᠵᠦᠢᠯ᠂ ᠡᠮᠴᠢᠯᠡᠭᠡᠨ ᠤ ᠪᠠᠭᠠᠵᠢ ᠬᠡᠷᠡᠭᠰᠡᠯ ᠪᠠ ᠭᠤᠶᠣᠯᠠᠯ ᠤᠨ | ᠡᠳ᠋ ᠤᠨ ᠶᠠᠯᠠᠲᠤ ᠬᠡᠷᠡᠭ ᠢ ᠲᠤᠷᠰᠢᠨ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠤᠨ ᠵᠢᠯᠤᠭᠤᠳᠬᠤ ᠶᠢ ᠬᠠᠷᠢᠭᠤᠴᠠᠨ᠎ᠠ | ᠃ | 2.ᠤᠳᠠ ᠲᠣᠭᠤᠷᠢᠭ ᠤᠨ ᠲᠠᠷᠢᠶᠠᠯᠠᠩ ᠮᠠᠯ ᠠᠵᠤ ᠠᠬᠤᠢ ᠤᠰᠤᠨ ᠤ ᠶᠠᠪᠤᠳᠠᠯ ᠤᠨ ᠲᠣᠪᠴᠢᠶ᠎ᠠ ᠯᠤᠭ᠎ᠠ ᠶᠢᠨ | ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ ︵1︶ ᠤᠳᠠ ᠲᠣᠭᠤᠷᠢᠭ ᠤᠨ ᠲᠠᠷᠢᠶᠠᠯᠠᠩ ᠮᠠᠯ | ᠠᠵᠤ ᠠᠬᠤᠢ ᠤᠰᠤᠨ ᠤ ᠶᠠᠪᠤᠳᠠᠯ ᠤᠨ ᠲᠣᠪᠴᠢᠶ᠎ᠠ ᠨᠢ ᠢᠳᠡᠰᠢᠨ ᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ | ᠪᠦᠲᠦᠭᠡᠭᠳᠡᠬᠦᠨ ᠤ ᠳᠠᠷᠢᠵᠤ ᠲᠡᠵᠢᠭᠡᠨ ᠦᠷᠡᠵᠢᠭᠦᠯᠬᠦ ᠭᠤᠭᠴᠤᠭ᠎ᠠ ᠠᠴᠠ ᠪᠥᠭᠡᠮ ᠢᠶᠠᠷ ᠬᠤᠳᠠᠯᠳᠤᠬᠤ᠂ ᠵᠢᠵᠢᠭᠯᠡᠨ | ᠬᠤᠳᠠᠯᠳᠤᠬᠤ ᠵᠠᠬ᠎ᠠ ᠳᠡᠯᠭᠡᠭᠦᠷ ᠪᠤᠶᠤ ᠦᠢᠯᠡᠳᠪᠦᠷᠢᠯᠡᠵᠦ ᠡᠳ᠋ᠰᠢᠭᠦᠯᠬᠦ ᠠᠵᠤ ᠠᠬᠤᠶᠢᠯᠠᠯ ᠳᠤ ᠣᠷᠣᠬᠤ ᠠᠴᠠ | ᠡᠮᠦᠨᠡᠬᠢ ᠶᠠᠰᠤ ᠴᠢᠨᠠᠷ ᠤᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠨ᠎ᠠ᠃ ᠢᠳᠡᠰᠢᠨ ᠤ | ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠪᠥᠭᠡᠮ ᠢᠶᠠᠷ ᠬᠤᠳᠠᠯᠳᠤᠬᠤ᠂ ᠵᠢᠵᠢᠭᠯᠡᠨ ᠬᠤᠳᠠᠯᠳᠤᠬᠤ | ᠵᠠᠬ᠎ᠠ ᠳᠡᠯᠭᠡᠭᠦᠷ ᠪᠤᠶᠤ ᠦᠢᠯᠡᠳᠪᠦᠷᠢᠯᠡᠵᠦ ᠡᠳ᠋ᠰᠢᠭᠦᠯᠬᠦ ᠠᠵᠤ ᠠᠬᠤᠶᠢᠯᠠᠯ ᠳᠤ ᠣᠷᠣᠭᠤᠯᠤᠭᠰᠠᠨ ᠤ ᠳᠠᠷᠠᠭ᠎ᠠ᠂ ᠤᠳᠠ | ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠴᠠ ᠬᠢᠨᠠᠯᠲᠠ ᠲᠠᠯᠪᠢᠵᠤ | ᠬᠠᠮᠢᠶᠠᠷᠤᠨ᠎ᠠ᠃ ︵2︶ ᠤᠳᠠ ᠲᠣᠭᠤᠷᠢᠭ ᠤᠨ ᠲᠠᠷᠢᠶᠠᠯᠠᠩ ᠮᠠᠯ ᠠᠵᠤ ᠠᠬᠤᠢ ᠤᠰᠤᠨ ᠤ ᠶᠠᠪᠤᠳᠠᠯ ᠤᠨ ᠲᠣᠪᠴᠢᠶ᠎ᠠ | ᠨᠢ ᠮᠠᠯ ᠤᠨ ᠡᠮ᠂ ᠲᠡᠵᠢᠭᠡᠯ ᠪᠣᠷᠳᠤᠭ᠎ᠠ᠂ ᠲᠡᠵᠢᠭᠡᠯ ᠪᠣᠷᠳᠣᠭᠠᠨ ᠤ ᠨᠡᠮᠡᠯᠲᠡ ᠡᠳ᠋ ᠪᠣᠯᠣᠨ ᠡᠭᠦᠷᠭᠡ | ᠬᠠᠷᠢᠭᠤᠴᠠᠯᠭ᠎ᠠ ᠶᠢᠨ ᠬᠡᠪᠴᠢᠶᠡᠨ ᠳᠠᠬᠢ ᠲᠠᠷᠢᠶᠠᠨ ᠡᠮ᠂ ᠪᠣᠷᠳᠣᠭᠤᠷ ᠵᠡᠷᠭᠡ ᠪᠤᠰᠤᠳ ᠲᠠᠷᠢᠶᠠᠯᠠᠩ ᠳᠤ ᠣᠷᠣᠭᠤᠯᠬᠤ | ᠡᠳ᠋ ᠤᠨ ᠶᠠᠰᠤ ᠴᠢᠨᠠᠷ ᠵᠢᠴᠢ ᠬᠡᠷᠡᠭᠯᠡᠯᠲᠡ ᠳᠤ ᠬᠢᠨᠠᠯᠲᠠ ᠲᠠᠯᠪᠢᠵᠤ ᠬᠠᠮᠢᠶᠠᠷᠬᠤ ᠶᠢ ᠬᠠᠷᠢᠭᠤᠴᠠᠨ᠎ᠠ᠃ ︵3︶ ᠤᠳᠠ | ᠲᠣᠭᠤᠷᠢᠭ ᠤᠨ ᠲᠠᠷᠢᠶᠠᠯᠠᠩ ᠮᠠᠯ ᠠᠵᠤ ᠠᠬᠤᠢ ᠤᠰᠤᠨ ᠤ ᠶᠠᠪᠤᠳᠠᠯ ᠤᠨ ᠲᠣᠪᠴᠢᠶ᠎ᠠ ᠨᠢ ᠠᠮᠢᠲᠠᠨ ᠤᠷᠭᠤᠮᠠᠯ ᠤᠨ | ᠬᠢᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ᠂ ᠮᠠᠯ ᠵᠢᠭᠦᠷᠲᠡᠨ ᠢ ᠨᠢᠲᠤᠯᠬᠤ ᠭᠤᠭᠴᠤᠭ᠎ᠠ᠂ ᠲᠦᠭᠦᠬᠡᠢ ᠰᠢᠨ᠎ᠡ ᠰᠦ | ᠬᠤᠳᠠᠯᠳᠤᠨ ᠠᠪᠬᠤ ᠭᠤᠭᠴᠤᠭ᠎ᠠ ᠶᠢᠨ ᠶᠠᠰᠤ ᠴᠢᠨᠠᠷ ᠤᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢ | ᠬᠠᠷᠢᠭᠤᠴᠠᠨ᠎ᠠ᠃ ︵4︶ ᠬᠤᠶᠠᠷ ᠰᠠᠯᠠᠭ᠎ᠠ ᠮᠥᠴᠢᠷ ᠤᠳ ᠢᠳᠡᠭᠡᠨ ᠤ ᠠᠮᠤᠷ ᠲᠦᠪᠰᠢᠨ ᠤ ᠭᠠᠷᠤᠯᠲᠠ ᠶᠢᠨ ᠣᠷᠣᠨ ᠤ | ᠵᠥᠪᠰᠢᠶᠡᠷᠡᠨ ᠭᠠᠷᠭᠠᠬᠤ᠂ ᠵᠠᠬ᠎ᠠ ᠳᠡᠯᠭᠡᠭᠦᠷ ᠲᠤ ᠵᠥᠪᠰᠢᠶᠡᠷᠡᠨ ᠣᠷᠣᠭᠤᠯᠬᠤ ᠪᠠ ᠨᠡᠬᠡᠮᠵᠢᠯᠡᠬᠦ ᠲᠣᠭᠲᠠᠴᠠ ᠶᠢ | ᠪᠠᠶᠢᠭᠤᠯᠵᠤ᠂ ᠵᠣᠬᠢᠴᠠᠭᠤᠯᠤᠨ ᠬᠠᠮᠵᠢᠯᠴᠠᠬᠤ ᠪᠠ ᠠᠵᠢᠯ ᠤᠨ ᠵᠣᠯᠭᠠᠭᠤᠯᠬᠤ ᠶᠢ ᠴᠢᠩᠭᠠᠳᠬᠠᠨ᠂ ᠬᠢᠨᠠᠯᠲᠠ | ᠬᠠᠮᠢᠶᠠᠷᠤᠯᠲᠠ ᠶᠢᠨ ᠨᠡᠶᠢᠯᠡᠮᠡᠯ ᠬᠦᠴᠦᠨ ᠢ ᠪᠣᠶ ᠪᠣᠯᠭᠠᠨ᠎ᠠ᠃ | 3.ᠤᠳᠠ ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠬᠤᠯᠪᠣᠭᠳᠠᠯ ᠪᠦᠬᠦᠢ | ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ ᠤᠳᠠ ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ | ᠵᠥᠪᠯᠡᠯ ᠨᠢ ᠢᠳᠡᠭᠡᠨ ᠤ ᠠᠮᠤᠷ ᠲᠦᠪᠰᠢᠨ ᠤ ᠲᠦᠭᠰᠢᠭᠦᠷᠢ ᠶᠢ ᠦᠨᠡᠯᠡᠨ ᠵᠢᠱᠢᠬᠦ ᠠᠵᠢᠯ ᠢ ᠬᠠᠷᠢᠭᠤᠴᠠᠵᠤ᠂ ᠤᠳᠠ | ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠲᠠᠢ | ᠬᠠᠮᠲᠤᠷᠠᠨ ᠢᠳᠡᠭᠡᠨ ᠤ ᠠᠮᠤᠷ ᠲᠦᠪᠰᠢᠨ ᠤ ᠲᠦᠭᠰᠢᠭᠦᠷᠢ ᠶᠢ ᠬᠢᠨᠠᠨ ᠰᠢᠨᠵᠢᠬᠦ ᠲᠥᠯᠥᠪᠯᠡᠭᠡ ᠶᠢ ᠲᠣᠭᠲᠠᠭᠠᠨ | ᠬᠡᠷᠡᠭᠵᠢᠭᠦᠯᠦᠨ᠎ᠡ᠃ ᠤᠳᠠ ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠠᠴᠠ ᠢᠳᠡᠭᠡᠨ ᠤ | ᠠᠮᠤᠷ ᠲᠦᠪᠰᠢᠨ ᠤ ᠠᠶᠤᠯ ᠲᠦᠭᠰᠢᠭᠦᠷᠢ ᠶᠢ ᠬᠢᠨᠠᠨ ᠰᠢᠯᠭᠠᠬᠤ ᠪᠤᠶᠤ ᠢᠯᠡᠴᠢᠯᠡᠨ ᠮᠡᠳᠡᠭᠦᠯᠬᠦ ᠪᠠᠷ ᠳᠡᠮᠵᠢᠨ | ᠢᠳᠡᠭᠡᠨ ᠳᠤ ᠠᠮᠤᠷ ᠲᠦᠪᠰᠢᠨ ᠤ ᠳᠠᠯᠳᠠ ᠭᠡᠮ ᠣᠷᠣᠰᠢᠵᠤ ᠮᠡᠳᠡᠬᠦ ᠶᠢ ᠣᠯᠵᠤ ᠮᠡᠳᠡᠪᠡᠯ᠂ ᠰᠢᠯᠭᠠᠨ ᠪᠠᠶᠢᠴᠠᠭᠠᠬᠤ ᠪᠠ | ᠢᠳᠡᠭᠡᠨ ᠤ ᠠᠮᠤᠷ ᠲᠦᠪᠰᠢᠨ ᠤ ᠲᠦᠭᠰᠢᠭᠦᠷᠢ ᠶᠢᠨ ᠦᠨᠡᠯᠡᠨ ᠵᠢᠱᠢᠯᠲᠡ ᠶᠢ ᠳᠠᠷᠤᠶᠢᠬᠠᠨ ᠵᠣᠬᠢᠶᠠᠨ ᠪᠠᠶᠢᠭᠤᠯᠤᠨ | ᠬᠢᠬᠦ ᠶᠢᠨ ᠬᠠᠮᠲᠤ᠂ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ | ᠢᠳᠡᠭᠡᠨ ᠤ ᠠᠮᠤᠷ ᠲᠦᠪᠰᠢᠨ ᠤ ᠲᠦᠭᠰᠢᠭᠦᠷᠢ ᠶᠢᠨ ᠦᠨᠡᠯᠡᠨ ᠵᠢᠱᠢᠭᠰᠡᠨ ᠦᠷ᠎ᠡ ᠳ᠋ᠦᠩ ᠢ ᠴᠠᠭ ᠲᠤᠬᠠᠢ ᠳᠤᠨᠢ | ᠮᠡᠳᠡᠭᠳᠡᠵᠦ᠂ ᠠᠮᠤᠷ ᠲᠦᠪᠰᠢᠨ ᠪᠤᠰᠤ ᠳ᠋ᠦᠩᠨᠡᠯᠲᠡ ᠭᠠᠷᠭᠠᠭᠰᠠᠨ ᠢᠳᠡᠭᠡᠨ ᠳᠤ᠂ ᠤᠳᠠ ᠲᠣᠭᠤᠷᠢᠭ ᠤᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠠᠷᠤᠶᠢᠬᠠᠨ ᠠᠷᠭ᠎ᠠ ᠬᠡᠮᠵᠢᠶ᠎ᠡ ᠠᠪᠬᠤ ᠬᠡᠷᠡᠭᠲᠡᠢ᠃ ᠤᠳᠠ | ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠬᠢᠨᠠᠯᠲᠠ ᠬᠠᠮᠢᠶᠠᠷᠤᠯᠲᠠ ᠶᠢᠨ | ᠠᠵᠢᠯ ᠤᠨ ᠳᠤᠮᠳᠠ ᠪᠠᠨ ᠢᠳᠡᠭᠡᠨ ᠤ ᠠᠮᠤᠷ ᠲᠦᠪᠰᠢᠨ ᠤ ᠲᠦᠭᠰᠢᠭᠦᠷᠢ ᠶᠢᠨ ᠦᠨᠡᠯᠡᠨ ᠵᠢᠱᠢᠯᠲᠡ ᠬᠢᠬᠦ ᠴᠢᠬᠤᠯᠠᠲᠠᠢ | ᠪᠠᠶᠢᠬᠤ ᠶᠢ ᠣᠯᠵᠤ ᠮᠡᠳᠡᠪᠡᠯ᠂ ᠴᠠᠭ ᠲᠤᠬᠠᠢ ᠳᠤᠨᠢ ᠤᠳᠠ ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ | ᠵᠥᠪᠯᠡᠯ ᠳᠤ ᠰᠠᠨᠠᠭᠤᠯᠭ᠎ᠠ ᠳᠤᠷᠠᠳᠬᠤ ᠬᠡᠷᠡᠭᠲᠡᠢ᠃ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ ᠨᠢ ᠤᠳᠠ ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠲᠠᠢ | ᠬᠠᠮᠲᠤᠷᠠᠨ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠴᠢᠨᠠᠷᠲᠠᠢ ᠡᠮ ᠤᠨ ᠵᠦᠢᠯ ᠤᠨ ᠪᠠᠷᠢᠮᠵᠢᠶ᠎ᠠ ᠪᠠ | ᠵᠢᠷᠤᠮᠵᠢᠭᠰᠠᠨ ᠲᠥᠷᠥ ᠶᠢᠨ ᠪᠣᠳᠣᠯᠭ᠎ᠠ ᠶᠢ ᠵᠣᠯᠭᠠᠭᠤᠯᠬᠤ ᠪᠠ ᠨᠠᠶᠢᠳᠠᠪᠤᠷᠢᠵᠢᠭᠤᠯᠬᠤ ᠶᠢ ᠴᠢᠩᠭᠠᠳᠬᠠᠵᠤ᠂ ᠢᠳᠡᠭᠡᠨ ᠤ | ᠠᠮᠤᠷ ᠲᠦᠪᠰᠢᠨ ᠤ ᠬᠡᠷᠡᠭ ᠶᠠᠪᠤᠳᠠᠯ᠂ ᠡᠮ ᠤᠨ ᠵᠦᠢᠯ ᠤᠨ ᠮᠠᠭᠤ ᠲᠤᠰᠬᠠᠯ ᠪᠠ ᠡᠮᠴᠢᠯᠡᠭᠡᠨ ᠤ ᠪᠠᠭᠠᠵᠢ ᠬᠡᠷᠡᠭᠰᠡᠯ ᠤᠨ | ᠮᠠᠭᠤ ᠬᠡᠷᠡᠭ ᠢ ᠬᠠᠷᠢᠯᠴᠠᠨ ᠮᠡᠳᠡᠭᠡᠯᠡᠬᠦ ᠲᠣᠭᠲᠠᠴᠠ ᠪᠠ ᠬᠠᠮᠲᠤᠷᠠᠨ ᠰᠢᠢᠳᠪᠦᠷᠢᠯᠡᠬᠦ ᠲᠣᠭᠲᠠᠴᠠ ᠶᠢ ᠪᠠᠶᠢᠭᠤᠯᠤᠨ᠎ᠠ᠃ | 4.ᠤᠳᠠ ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠲᠠᠢ ᠬᠤᠯᠪᠣᠭᠳᠠᠯ ᠪᠦᠬᠦᠢ ᠡᠭᠦᠷᠭᠡ | ᠬᠠᠷᠢᠭᠤᠴᠠᠯᠭ᠎ᠠ ᠶᠢᠨ ᠬᠤᠪᠢᠶᠠᠷᠢᠯᠠᠯ᠃ ︵1︶ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ ᠭᠠᠳᠠᠭᠠᠳᠤ ᠳᠤ ᠬᠤᠯᠪᠣᠭᠳᠠᠬᠤ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ | ᠡᠷᠬᠡ ᠶᠢᠨ ᠶᠠᠪᠤᠳᠠᠯ ᠢ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠶᠢ ᠬᠠᠷᠢᠭᠤᠴᠠᠨ᠎ᠠ᠃ ᠤᠳᠠ ᠲᠣᠭᠤᠷᠢᠭ ᠤᠨ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠠᠵᠤ ᠠᠬᠤᠶ ᠠᠷᠠᠯᠵᠢᠶ᠎ᠠ ᠯᠤᠭ᠎ᠠ ᠬᠤᠯᠪᠣᠭᠳᠠᠬᠤ ᠣᠯᠠᠨ ᠲᠠᠯ᠎ᠠ ᠪᠠ | ᠬᠤᠶᠠᠷ ᠲᠠᠯ᠎ᠠ ᠶᠢᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠭᠠᠳᠠᠭᠠᠳᠤ ᠬᠡᠯᠡᠯᠴᠡᠭᠡ᠂ ᠬᠤᠶᠠᠷ | ᠲᠠᠯ᠎ᠠ ᠶᠢᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠠᠮᠲᠤᠷᠠᠯᠴᠠᠭᠠᠨ ᠤ ᠵᠥᠪᠳᠡᠯᠴᠡᠬᠦ ᠲᠣᠭᠲᠠᠴᠠ | ᠵᠡᠷᠭᠡ ᠠᠵᠢᠯ ᠢ ᠬᠠᠷᠢᠭᠤᠴᠠᠨ᠎ᠠ᠃ ︵2︶ ᠤᠳᠠ ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠵᠠᠬ᠎ᠠ | ᠳᠡᠯᠭᠡᠭᠦᠷ ᠤᠨ ᠦᠨᠡᠨᠴᠢ ᠢᠲᠡᠭᠡᠮᠵᠢ ᠶᠢᠨ ᠣᠯᠠᠨ ᠨᠡᠶᠢᠲᠡ ᠶᠢᠨ ᠦᠢᠯᠡᠴᠢᠯᠡᠭᠡᠨ ᠤ ᠲᠠᠪᠴᠠᠩ ᠤᠨ ᠪᠠᠶᠢᠭᠤᠯᠤᠯᠲᠠ | ᠵᠡᠷᠭᠡ ᠵᠠᠬ᠎ᠠ ᠳᠡᠯᠭᠡᠭᠦᠷ ᠤᠨ ᠠᠵᠤ ᠠᠬᠤᠶ ᠶᠢᠨ ᠡᠮᠬᠢ ᠳᠢᠭᠯᠢᠮ ᠤᠨ ᠬᠠᠮᠢᠶ᠎ᠠ ᠪᠥᠬᠦᠶ ᠠᠵᠢᠯ ᠢ ᠲᠦᠷᠦᠭᠦᠯᠡᠨ | ᠠᠬᠢᠭᠤᠯᠬᠤ ᠶᠢ ᠬᠠᠷᠢᠭᠤᠴᠠᠨ᠎ᠠ᠃ ᠡᠮ ᠤᠨ ᠵᠦᠢᠯ᠂ ᠠᠷᠢᠬᠢᠨ ᠤ ᠵᠦᠢᠯ ᠤᠨ ᠭᠦᠢᠯᠭᠡᠭᠡᠨ ᠤ ᠬᠥᠭᠵᠢᠯᠲᠡ ᠶᠢᠨ | ᠲᠥᠯᠥᠪᠵᠢᠭᠦᠯᠭᠡ ᠪᠣᠯᠤᠨ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠬᠠᠷᠢᠭᠤᠴᠠᠨ ᠲᠤᠭᠤᠷᠪᠢᠨ | ᠲᠣᠭᠲᠠᠭᠠᠨ᠎ᠠ᠃ ︵3︶ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠳᠤ ᠬᠠᠯᠳᠠᠭᠰᠠᠨ ᠪᠠ ᠬᠠᠭᠤᠷᠮᠠᠭ ᠮᠠᠭᠤ ᠲᠠᠸᠠᠷ ᠦᠢᠯᠡᠳᠴᠦ | ᠪᠣᠷᠣᠯᠠᠭᠤᠯᠤᠭᠰᠠᠨ ᠵᠡᠷᠭᠡ ᠠᠵᠢᠯ ᠢ ᠬᠠᠷᠢᠭᠤᠴᠠᠨ ᠡᠭᠦᠷᠭᠡᠯᠡᠵᠦ᠂ ᠡᠮ ᠤᠨ ᠵᠦᠢᠯ᠂ ᠠᠷᠢᠬᠢᠨ ᠤ ᠵᠦᠢᠯ ᠤᠨ | ᠭᠦᠢᠯᠭᠡᠭᠡᠨ ᠤ ᠬᠢᠨᠠᠯᠲᠠ ᠬᠠᠮᠢᠶᠠᠷᠤᠯᠲᠠ ᠪᠠ ᠡᠮ ᠤᠨ ᠵᠦᠢᠯ᠂ ᠠᠷᠢᠬᠢᠨ ᠤ ᠵᠦᠢᠯ ᠤᠨ ᠢᠳᠡᠭᠡᠨ ᠤ ᠠᠮᠤᠷ | ᠲᠦᠪᠰᠢᠨ ᠢ ᠬᠠᠷᠢᠭᠤᠴᠠᠵᠤ᠂ ᠡᠮ ᠤᠨ ᠵᠦᠢᠯ ᠤᠨ ᠭᠦᠢᠯᠭᠡᠭᠡᠨ ᠤ ᠬᠥᠭᠵᠢᠯᠲᠡ ᠶᠢᠨ ᠲᠥᠯᠥᠪᠵᠢᠭᠦᠯᠭᠡ ᠪᠠ | ᠲᠥᠷᠥ ᠶᠢᠨ ᠪᠣᠳᠣᠯᠭ᠎ᠠ ᠶᠢ ᠬᠠᠮᠵᠢᠯᠴᠠᠨ ᠬᠡᠷᠡᠭᠵᠢᠭᠦᠯᠦᠨ᠎ᠡ᠃ | 5.ᠦᠬᠠᠶ ᠬᠤᠲᠠ ᠶᠢᠨ ᠤᠳᠠ ᠲᠣᠭᠤᠷᠢᠭ ᠤᠨ ᠰᠣᠨᠢᠨ ᠮᠡᠳᠡᠭᠡ ᠬᠡᠪᠯᠡᠯ ᠤᠨ ᠡᠷᠬᠡ ᠶᠢᠨ ᠲᠣᠪᠴᠢᠶ᠎ᠠ ᠲᠠᠢ | ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ ᠬᠤᠯᠪᠣᠭᠳᠠᠯ ᠪᠦᠬᠦᠢ ᠵᠣᠬᠢᠶᠠᠯ ᠪᠦᠲᠦᠭᠡᠯ ᠤᠨ | ᠡᠷᠬᠡ ᠶᠢᠨ ᠬᠠᠮᠢᠶᠠᠷᠤᠯᠲᠠ ᠶᠢᠨ ᠠᠵᠢᠯ ᠢ ᠬᠡᠪᠯᠡᠯ ᠤᠨ ᠡᠷᠬᠡ ᠶᠢᠨ ᠬᠠᠮᠢᠶᠠᠷᠤᠯᠲᠠ ᠶᠢᠨ ᠡᠭᠦᠷᠭᠡ ᠴᠢᠳᠠᠪᠤᠷᠢ ᠶᠢᠨ | ᠲᠤᠬᠠᠶ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠪᠣᠯᠤᠨ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠲᠣᠭᠲᠠᠭᠠᠯ ᠶᠣᠰᠣᠭᠠᠷ ᠠᠵᠢᠯ ᠬᠤᠪᠢᠶᠠᠷᠢᠯᠠᠨ ᠬᠡᠷᠡᠭᠵᠢᠭᠦᠯᠦᠨ᠎ᠡ᠃ | 6.ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ ᠶᠢᠨ ᠲᠣᠮᠢᠯᠠᠭᠰᠠᠨ ᠪᠠᠶᠢᠭᠤᠯᠤᠮᠵᠢ ᠯᠤᠭ᠎ᠠ ᠶᠢᠨ ᠬᠤᠯᠪᠣᠭᠳᠠᠯ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠲᠣᠮᠢᠯᠠᠭᠰᠠᠨ | ᠪᠠᠶᠢᠭᠤᠯᠤᠮᠵᠢ ᠨᠢ ᠣᠷᠣᠨ ᠪᠦᠰᠡ ᠶᠢᠨ ᠳᠣᠲᠣᠷᠠᠬᠢ ᠡᠮ ᠤᠨ ᠵᠦᠢᠯ᠂ ᠵᠠᠰᠠᠯ ᠴᠢᠮᠡᠭ ᠤᠨ ᠡᠳ᠋ ᠪᠠ ᠡᠮᠴᠢᠯᠡᠭᠡᠨ ᠤ | ᠪᠠᠭᠠᠵᠢ ᠬᠡᠷᠡᠭᠰᠡᠯ ᠤᠨ ᠦᠢᠯᠡᠳᠪᠦᠷᠢᠯᠡᠯ ᠤᠨ ᠭᠤᠭᠴᠤᠭ᠎ᠠ ᠵᠢᠴᠢ ᠡᠮ ᠤᠨ ᠵᠦᠢᠯ ᠢ ᠪᠥᠭᠡᠮ ᠢᠶᠠᠷ ᠬᠤᠳᠠᠯᠳᠤᠬᠤ᠂ | ᠵᠢᠵᠢᠭᠯᠡᠨ ᠬᠤᠳᠠᠯᠳᠤᠬᠤ ᠬᠡᠯᠬᠢᠶ᠎ᠡ ᠶᠡᠷᠦᠩᠬᠡᠢ ᠬᠡᠯᠲᠡᠰ᠂ ᠢᠨᠲ᠋ᠧᠷ ᠰᠦᠯᠵᠢᠶ᠎ᠡ ᠶᠢᠨ ᠪᠣᠷᠤᠯᠠᠭᠤᠯᠭ᠎ᠠ ᠶᠢᠨ ᠭᠤᠷᠪᠠᠳᠠᠭᠢ | ᠡᠲᠡᠭᠡᠳ ᠤᠨ ᠲᠠᠪᠴᠠᠩ ᠤᠨ ᠡᠳᠦᠷ ᠲᠤᠲᠤᠮ ᠤᠨ ᠬᠢᠨᠠᠯᠲᠠ ᠬᠠᠮᠢᠶᠠᠷᠤᠯᠲᠠ ᠵᠢᠴᠢ ᠲᠤᠬᠠᠢ ᠶᠢᠨ ᠲᠠᠯᠠᠪᠤᠷ ᠤᠨ | ᠪᠠᠶᠢᠴᠠᠭᠠᠯᠲᠠ᠂ ᠳᠠᠬᠢᠨ ᠪᠠᠶᠢᠴᠠᠭᠠᠯᠲᠠ ᠶᠢ ᠡᠮ ᠤᠨ ᠵᠦᠢᠯ᠂ ᠭᠤᠶᠣᠯᠠᠯ ᠤᠨ ᠡᠳ᠋ ᠪᠠ ᠡᠮᠴᠢᠯᠡᠭᠡᠨ ᠤ ᠪᠠᠭᠠᠵᠢ | ᠬᠡᠷᠡᠭᠰᠡᠯ ᠤᠨ ᠬᠠᠮᠢᠶ᠎ᠠ ᠪᠦᠬᠦᠢ ᠵᠠᠭᠠᠯᠳᠤᠵᠤ ᠢᠯᠡᠴᠢᠯᠡᠨ ᠮᠡᠳᠡᠭᠦᠯᠦᠭᠰᠡᠨ ᠢ ᠪᠠᠶᠢᠴᠠᠭᠠᠨ ᠰᠢᠢᠳᠪᠦᠷᠢᠯᠡᠬᠦ ᠠᠵᠢᠯ ᠢ | ᠬᠠᠷᠢᠭᠤᠴᠠᠨ᠎ᠠ᠃ ᠥᠪᠡᠷᠲᠡᠭᠡᠨ ᠵᠠᠰᠠᠬᠤ ᠣᠷᠣᠨ ᠤ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ | ᠲᠣᠪᠴᠢᠶ᠎ᠠ ᠶᠢᠨ ᠪᠠᠶᠢᠴᠠᠭᠠᠯᠲᠠ ᠳᠤ ᠳᠤᠷᠠᠳᠤᠭᠰᠠᠨ ᠴᠡᠭᠴᠡᠯᠡᠨ ᠰᠠᠶᠢᠵᠢᠷᠠᠭᠤᠯᠬᠤ ᠰᠠᠨᠠᠯ ᠢ ᠬᠢᠨᠠᠯᠲᠠ ᠲᠠᠯᠪᠢᠵᠤ | ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠡᠮ ᠤᠨ ᠵᠦᠢᠯ ᠢ | ᠵᠢᠵᠢᠭᠯᠡᠨ ᠬᠤᠳᠠᠯᠳᠤᠬᠤ᠂ ᠡᠮᠴᠢᠯᠡᠭᠡᠨ ᠤ ᠪᠠᠭᠠᠵᠢ ᠬᠡᠷᠡᠭᠰᠡᠯ ᠤᠨ ᠡᠵᠡᠩᠨᠡᠯᠲᠡ ᠶᠢ ᠪᠠᠶᠢᠴᠠᠭᠠᠬᠤ ᠪᠠ ᠰᠢᠳᠬᠡᠨ | ᠲᠣᠷᠭᠠᠬᠤ ᠵᠢᠴᠢ ᠵᠠᠰᠠᠯ ᠴᠢᠮᠡᠭ ᠤᠨ ᠡᠳ᠋ ᠤᠨ ᠡᠵᠡᠩᠨᠡᠯᠲᠡ ᠪᠠ ᠡᠮ ᠤᠨ ᠵᠦᠢᠯ᠂ ᠡᠮᠴᠢᠯᠡᠭᠡᠨ ᠤ ᠪᠠᠭᠠᠵᠢ | ᠬᠡᠷᠡᠭᠰᠡᠯ ᠤᠨ ᠬᠡᠷᠡᠭᠯᠡᠯᠲᠡ ᠶᠢᠨ ᠵᠠᠩᠭᠢᠯᠠᠭ᠎ᠠ ᠶᠢᠨ ᠶᠠᠰᠤ ᠴᠢᠨᠠᠷ ᠢ ᠪᠠᠶᠢᠴᠠᠭᠠᠬᠤ ᠪᠠ ᠰᠢᠳᠬᠡᠨ ᠲᠣᠷᠭᠠᠬᠤ ᠶᠢ | ᠬᠠᠷᠢᠭᠤᠴᠠᠨ᠎ᠠ᠃ | ᠬᠤᠶᠠᠷ᠂ ᠪᠠᠶᠢᠭᠤᠯᠤᠮᠵᠢ ᠶᠢᠨ ᠪᠠᠶᠢᠷᠢᠯᠠᠭᠤᠯᠤᠯᠲᠠ | ︵ᠨᠢᠭᠡ︶ ᠠᠯᠪᠠᠨ ᠭᠡᠷ᠃ ᠪᠠᠶᠢᠭᠤᠯᠭ᠎ᠠ ᠶᠢᠨ ᠡᠳᠦᠷ ᠲᠤᠲᠤᠮ ᠤᠨ ᠠᠵᠢᠯᠯᠠᠭᠠᠨ ᠢ ᠬᠠᠷᠢᠭᠤᠴᠠᠵᠤ᠂ ᠠᠯᠪᠠᠨ | ᠪᠢᠴᠢᠭ ᠴᠠᠬᠢᠯᠭᠠᠨ ᠮᠡᠳᠡᠭᠡ᠂ ᠮᠡᠳᠡᠭᠡ ᠵᠠᠩᠭᠢ᠂ ᠠᠮᠤᠷ ᠲᠦᠪᠰᠢᠨ᠂ ᠨᠢᠭᠤᠴᠠ ᠶᠢ ᠬᠠᠮᠠᠭᠠᠯᠠᠬᠤ᠂ ᠰᠢᠮᠳᠠᠭᠤᠯᠤᠨ | ᠪᠠᠶᠢᠴᠠᠭᠠᠬᠤ᠂ ᠲᠠᠩᠰᠠ ᠡᠪᠬᠡᠮᠡᠯ᠂ ᠵᠠᠬᠢᠳᠠᠯ ᠰᠣᠷᠪᠤᠯᠵᠢᠯᠠᠭ᠎ᠠ᠂ ᠵᠠᠰᠠᠭ ᠤᠨ ᠶᠠᠪᠤᠳᠠᠯ ᠢ ᠢᠯᠡ ᠪᠣᠯᠭᠠᠬᠤ ᠵᠡᠷᠭᠡ ᠠᠵᠢᠯ ᠢ | ᠡᠭᠦᠷᠭᠡᠯᠡᠨ᠎ᠡ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠠᠯ᠎ᠠ ᠶᠢᠨ ᠠᠳᠠᠯ ᠤᠨ ᠪᠠᠴᠢᠮ ᠪᠠᠶᠢᠳᠠᠯ ᠢ | ᠠᠷᠭᠠᠴᠠᠨ ᠰᠢᠢᠳᠪᠦᠷᠢᠯᠡᠬᠦ ᠪᠠ ᠪᠠᠶᠢᠴᠠᠭᠠᠨ ᠰᠢᠢᠳᠪᠦᠷᠢᠯᠡᠬᠦ ᠠᠵᠢᠯ ᠢ ᠵᠣᠬᠢᠶᠠᠨ ᠪᠠᠶᠢᠭᠤᠯᠤᠨ ᠵᠣᠬᠢᠴᠠᠭᠤᠯᠤᠨ᠎ᠠ᠃ | ᠪᠠᠶᠢᠭᠤᠯᠭ᠎ᠠ ᠶᠢᠨ ᠤᠶᠤᠨ ᠤ ᠪᠣᠯᠪᠠᠰᠤᠨ ᠤ ᠪᠠᠶᠢᠭᠤᠯᠤᠯᠲᠠ᠂ ᠶᠡᠷᠦᠩᠬᠡᠶᠢᠯᠡᠨ ᠵᠣᠬᠢᠴᠠᠭᠤᠯᠬᠤ ᠪᠠ ᠭᠠᠳᠠᠭᠠᠳᠤ ᠲᠠᠢ | ᠰᠣᠯᠢᠯᠴᠠᠭ᠎ᠠ ᠬᠢᠬᠦ ᠪᠠ ᠬᠠᠮᠲᠤᠷᠠᠨ ᠠᠵᠢᠯᠯᠠᠬᠤ ᠶᠢ ᠬᠠᠷᠢᠭᠤᠴᠠᠨ᠎ᠠ᠃ | ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠠᠯ᠎ᠠ ᠪᠠᠷ ᠬᠢ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ | ᠠᠵᠢᠯ ᠢ ᠵᠣᠬᠢᠴᠠᠭᠤᠯᠤᠨ ᠠᠬᠢᠭᠤᠯᠤᠨ᠎ᠠ᠃ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢᠨ ᠰᠤᠳᠤᠯᠤᠯ ᠪᠠ | ᠶᠡᠷᠦᠩᠬᠡᠶᠢᠯᠡᠭᠰᠡᠨ ᠵᠠᠳᠠᠯᠤᠯᠲᠠ ᠶᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠤᠷᠲᠤᠪᠲᠤᠷ ᠪᠠ ᠤᠷᠲᠤ ᠬᠤᠭᠤᠴᠠᠭᠠᠨ ᠤ ᠲᠥᠯᠦᠪᠵᠢᠭᠦᠯᠭᠡ ᠶᠢ ᠲᠤᠭᠤᠷᠪᠢᠨ | ᠲᠣᠭᠲᠠᠭᠠᠬᠤ ᠶᠢᠨ ᠬᠠᠮᠲᠤ ᠴᠢᠬᠤᠯᠠ ᠶᠡᠷᠦᠩᠬᠡᠶᠢᠯᠡᠭᠰᠡᠨ ᠴᠢᠨᠠᠷᠲᠠᠢ ᠪᠢᠴᠢᠭ ᠮᠠᠲ᠋ᠧᠷᠢᠶᠠᠯ᠂ ᠡᠬᠡ ᠪᠢᠴᠢᠭ ᠢ | ᠲᠤᠭᠤᠷᠪᠢᠬᠤ ᠠᠵᠢᠯ ᠢ ᠡᠭᠦᠷᠭᠡᠯᠡᠨ᠎ᠡ᠃ ᠪᠥᠬᠦ ᠲᠤᠭᠤᠷᠢᠭ ᠤᠨ ᠵᠠᠬ᠎ᠠ ᠳᠡᠯᠭᠡᠭᠦᠷ ᠲᠤ ᠬᠢᠨᠠᠯᠲᠠ ᠲᠠᠯᠪᠢᠵᠤ ᠬᠠᠮᠢᠶᠠᠷᠬᠤ | ᠲᠤᠭ᠎ᠠ ᠪᠦᠷᠢᠳᠬᠡᠯ ᠤᠨ ᠠᠵᠢᠯ ᠢ ᠡᠭᠦᠷᠭᠡᠯᠡᠨ᠎ᠡ᠃ ᠶᠠᠰᠤ ᠴᠢᠨᠠᠷ ᠤᠨ ᠠᠮᠤᠷ ᠲᠦᠪᠰᠢᠨ᠂ ᠵᠠᠬ᠎ᠠ ᠳᠡᠯᠭᠡᠭᠦᠷ ᠤᠨ ᠡᠮᠬᠢ | ᠳᠢᠭᠯᠢᠮ᠂ ᠦᠢᠯᠡᠴᠢᠯᠡᠭᠡᠨ ᠤ ᠬᠥᠭᠵᠢᠯᠲᠡ ᠵᠡᠷᠭᠡ ᠭᠤᠣᠯᠳᠠᠯᠭ᠎ᠠ ᠲᠠᠢ ᠡᠭᠦᠷᠭᠡ ᠶᠢᠨ ᠰᠢᠯᠭᠠᠨ ᠬᠢᠨᠠᠬᠤ ᠠᠵᠢᠯ ᠢ | ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠪᠥᠬᠦ ᠲᠤᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠮᠡᠳᠡᠭᠡ ᠵᠠᠩᠭᠢ ᠶᠢ ᠨᠡᠶᠢᠲᠡᠯᠡᠬᠦ ᠳᠦᠷᠢᠮ ᠢ ᠲᠤᠭᠤᠷᠪᠢᠨ ᠲᠣᠭᠲᠠᠭᠠᠵᠤ᠂ ᠰᠣᠨᠢᠨ ᠮᠡᠳᠡᠭᠡᠨ ᠤ ᠤᠬᠠᠭᠤᠯᠭ᠎ᠠ᠂ ᠰᠣᠨᠢᠨ | ᠮᠡᠳᠡᠭᠡ ᠨᠡᠶᠢᠲᠡᠯᠡᠬᠦ ᠬᠠᠮᠢᠶᠠᠷᠤᠯᠲᠠ ᠶᠢᠨ ᠠᠵᠢᠯ ᠢ ᠡᠭᠦᠷᠭᠡᠯᠡᠨ᠎ᠡ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠶᠠᠷᠢᠶ᠎ᠠ ᠬᠡᠯᠡᠯᠴᠡᠭᠡᠨ ᠤ ᠪᠠᠶᠢᠳᠠᠯ ᠢ ᠬᠢᠨᠠᠨ ᠬᠡᠮᠵᠢᠬᠦ᠂ ᠵᠠᠳᠠᠯᠬᠤ ᠪᠠ ᠵᠣᠬᠢᠴᠠᠭᠤᠯᠤᠨ ᠰᠢᠢᠳᠪᠦᠷᠢᠯᠡᠬᠦ ᠠᠵᠢᠯ ᠢ | ᠵᠢᠯᠣᠭᠤᠳᠤᠨ᠎ᠠ᠃ ᠴᠢᠬᠤᠯᠠ ᠶᠡᠭᠡ ᠤᠬᠠᠭᠤᠯᠭ᠎ᠠ ᠶᠢᠨ ᠠᠵᠢᠯᠯᠠᠭ᠎ᠠ ᠶᠢ ᠵᠣᠬᠢᠴᠠᠭᠤᠯᠤᠨ ᠵᠣᠬᠢᠶᠠᠨ ᠪᠠᠶᠢᠭᠤᠯᠤᠨ᠎ᠠ᠃ | ᠪᠠᠶᠢᠭᠤᠯᠭ᠎ᠠ ᠪᠠ ᠬᠠᠷᠢᠶ᠎ᠠ ᠨᠢᠭᠡᠴᠢ ᠶᠢᠨ ᠲᠥᠰᠥᠪ ᠪᠠ ᠲᠥᠰᠥᠪ ᠤᠨ ᠭᠦᠢᠴᠡᠳᠬᠡᠯ᠂ ᠡᠳ᠋ ᠤᠨ ᠶᠠᠪᠤᠳᠠᠯ ᠤᠨ | ᠬᠢᠨᠠᠨ ᠪᠣᠳᠣᠯᠲᠠ᠂ ᠤᠯᠤᠰ ᠤᠨ ᠥᠮᠴᠢᠯᠡᠯ ᠤᠨ ᠡᠳ᠋ ᠬᠥᠷᠥᠩᠭᠡ᠂ ᠦᠨᠳᠦᠰᠦᠨ ᠪᠦᠲᠦᠭᠡᠨ ᠪᠠᠶᠢᠭᠤᠯᠤᠯᠲᠠ ᠪᠠ ᠡᠯ᠎ᠡ | ᠲᠥᠷᠥᠯ ᠤᠨ ᠪᠡᠯᠡ ᠮᠥᠩᠭᠦ᠂ ᠲᠤᠰᠬᠠᠢ ᠬᠡᠷᠡᠭᠯᠡᠭᠡᠨ ᠤ ᠰᠠᠭᠤᠷᠢ ᠮᠥᠩᠭᠦ ᠵᠢᠴᠢ ᠦᠢᠯᠡᠳᠴᠦ ᠤᠭᠰᠠᠷᠠᠬᠤ | ᠬᠠᠮᠢᠶᠠᠷᠤᠯᠲᠠ ᠶᠢᠨ ᠠᠵᠢᠯ ᠢ ᠡᠭᠦᠷᠭᠡᠯᠡᠨ᠎ᠡ᠃ ᠡᠯ᠎ᠡ ᠲᠥᠷᠥᠯ ᠤᠨ ᠪᠡᠯᠡ ᠮᠥᠩᠭᠦ ᠶᠢᠨ ᠦᠷ᠎ᠡ ᠪᠦᠲᠦᠮᠵᠢ ᠶᠢᠨ | ᠬᠠᠮᠢᠶᠠᠷᠤᠯᠲᠠ ᠶᠢᠨ ᠠᠵᠢᠯ ᠢ ᠡᠭᠦᠷᠭᠡᠯᠡᠨ᠎ᠡ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠬᠦᠷᠢᠶ᠎ᠡ | ᠴᠠᠷᠠᠭ᠎ᠠ ᠶᠢᠨ ᠬᠠᠮᠢᠶ᠎ᠠ ᠪᠦᠬᠦᠢ ᠰᠢᠨᠵᠢᠯᠡᠬᠦ ᠤᠬᠠᠭᠠᠨ ᠮᠡᠷᠭᠡᠵᠢᠯ ᠤᠨ ᠬᠥᠭᠵᠢᠯᠲᠡ ᠶᠢᠨ ᠲᠥᠯᠦᠪᠵᠢᠭᠦᠯᠭᠡ ᠶᠢ | ᠬᠡᠷᠡᠭᠵᠢᠭᠦᠯᠬᠦ ᠶᠢ ᠬᠠᠷᠢᠭᠤᠴᠠᠵᠤ᠂ ᠤᠳᠠ ᠲᠣᠭᠤᠷᠢᠭ ᠤᠨ ᠶᠠᠰᠤ ᠴᠢᠨᠠᠷ ᠤᠨ ᠰᠠᠭᠤᠷᠢ ᠪᠡᠯᠡᠳᠬᠡᠮᠵᠢ ᠵᠡᠷᠭᠡ ᠴᠢᠬᠤᠯᠠ | ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠬᠡᠷᠡᠭᠴᠡᠭᠡ ᠱᠠᠭᠠᠷᠳᠠᠯᠭ᠎ᠠ ᠶᠢ ᠳᠤᠷᠠᠳᠴᠤ᠂ ᠬᠠᠮᠢᠶ᠎ᠠ ᠪᠦᠬᠦᠢ ᠰᠢᠨᠵᠢᠯᠡᠬᠦ | ᠤᠬᠠᠭᠠᠨ ᠤ ᠰᠤᠳᠤᠯᠤᠯ ᠤᠨ ᠪᠣᠭᠤᠮᠲᠠ ᠰᠢᠪᠲᠤᠯᠬᠤ᠂ ᠰᠢᠨᠵᠢᠯᠡᠬᠦ ᠤᠬᠠᠭᠠᠨ ᠤ ᠰᠤᠳᠤᠯᠤᠯ ᠤᠨ ᠲᠥᠷᠥᠯ ᠵᠦᠢᠯ ᠤᠨ | ᠬᠠᠮᠢᠶᠠᠷᠤᠯᠲᠠ᠂ ᠬᠠᠮᠲᠤᠷᠠᠯᠴᠠᠭ᠎ᠠ ᠰᠣᠯᠢᠯᠴᠠᠭ᠎ᠠ᠂ ᠦᠷ᠎ᠡ ᠪᠦᠲᠦᠭᠡᠯ ᠤᠨ ᠬᠡᠷᠡᠭᠯᠡᠯᠲᠡ ᠵᠡᠷᠭᠡ ᠠᠵᠢᠯ ᠢ ᠡᠭᠦᠷᠭᠡᠯᠡᠨ᠎ᠡ᠃ | ︵ᠬᠤᠶᠠᠷ︶ ᠢᠲᠡᠭᠡᠮᠵᠢ ᠶᠢᠨ ᠬᠢᠨᠠᠯᠲᠠ ᠬᠠᠮᠢᠶᠠᠷᠤᠯᠲᠠ ᠪᠠ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ ᠤᠨ | ᠲᠠᠰᠤᠭ᠃ ᠢᠲᠡᠭᠡᠮᠵᠢ ᠶᠢᠨ ᠬᠢᠨᠠᠯᠲᠠ ᠬᠠᠮᠢᠶᠠᠷᠤᠯᠲᠠ ᠶᠢᠨ ᠳᠦᠷᠢᠮ ᠠᠷᠭ᠎ᠠ ᠬᠡᠮᠵᠢᠶ᠎ᠡ ᠶᠢ ᠲᠤᠭᠤᠷᠪᠢᠨ | ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ | ᠪᠦᠷᠢᠳᠬᠡᠨ ᠳᠠᠩᠰᠠᠯᠠᠬᠤ ᠠᠵᠢᠯᠯᠠᠭ᠎ᠠ ᠳᠤ ᠬᠢᠨᠠᠯᠲᠠ ᠲᠠᠯᠪᠢᠵᠤ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠤᠨ | ᠵᠢᠯᠣᠭᠤᠳᠤᠨ᠎ᠠ᠃ ᠢᠲᠡᠭᠡᠮᠵᠢ ᠶᠢᠨ ᠲᠥᠷᠥᠯ ᠬᠤᠪᠢᠶᠠᠨ ᠬᠠᠮᠢᠶᠠᠷᠬᠤ ᠪᠠ ᠮᠡᠳᠡᠭᠡ ᠵᠠᠩᠭᠢ ᠶᠢ ᠢᠯᠡ ᠨᠡᠶᠢᠲᠡᠯᠡᠬᠦ | ᠠᠵᠢᠯ ᠢ ᠵᠣᠬᠢᠶᠠᠨ ᠪᠠᠶᠢᠭᠤᠯᠤᠨ ᠵᠢᠯᠤᠭᠤᠳᠴᠤ᠂ ᠤᠯᠤᠰ ᠤᠨ ᠠᠵᠤ ᠠᠬᠤᠶᠢᠯᠠᠯ ᠤᠨ ᠢᠲᠡᠭᠡᠮᠵᠢ ᠶᠢᠨ ᠮᠡᠳᠡᠭᠡ | ᠵᠠᠩᠭᠢ ᠶᠢ ᠢᠯᠡ ᠨᠡᠶᠢᠲᠡᠯᠡᠬᠦ ᠰᠢᠰᠲ᠋ᠧᠮ ︵ᠥᠪᠥᠷ ᠮᠣᠩᠭᠤᠯ︶ ᠵᠢᠴᠢ ᠰᠠᠯᠠᠭ᠎ᠠ ᠮᠥᠴᠢᠷ ᠤᠨ ᠬᠠᠮᠵᠢᠯᠴᠠᠨ ᠬᠢᠨᠠᠨ | ᠬᠠᠮᠢᠶᠠᠷᠬᠤ ᠲᠠᠪᠴᠠᠩ ᠤᠨ ᠪᠦᠲᠦᠭᠡᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠱᠠᠭᠠᠷᠳᠠᠯᠭ᠎ᠠ ᠶᠢᠨ ᠬᠠᠮᠢᠶ᠎ᠠ ᠪᠦᠬᠦᠢ | ᠠᠵᠢᠯ ᠢ ᠬᠠᠷᠢᠭᠤᠴᠠᠨ᠎ᠠ᠃ ᠬᠡᠪ ᠤᠨ ᠪᠤᠰᠤ ᠡᠵᠡᠩᠨᠡᠯᠲᠡ ᠶᠢᠨ ᠨᠡᠷᠡᠰ ᠤᠨ ᠵᠢᠭᠰᠠᠭᠠᠯᠲᠠ ᠪᠠ ︽ᠨᠡᠷ᠎ᠡ ᠶᠢᠨ ᠬᠠᠷ᠎ᠠ | ᠲᠠᠩᠰᠠ︾ ᠶᠢ ᠪᠠᠶᠢᠭᠤᠯᠵᠤ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠬᠦᠷᠢᠶ᠎ᠡ ᠴᠠᠷᠠᠭ᠎ᠠ ᠶᠢᠨ ︽ᠬᠤᠶᠠᠷ ᠢ | ᠲᠣᠬᠢᠶᠠᠯᠳᠤᠯ ᠢᠶᠠᠷ ᠬᠢᠬᠦ᠂ ᠨᠢᠭᠡ ᠶᠢ ᠢᠯᠡ ᠪᠣᠯᠭᠠᠬᠤ︾ ᠬᠢᠨᠠᠯᠲᠠ ᠬᠠᠮᠢᠶᠠᠷᠤᠯᠲᠠ ᠶᠢᠨ ᠠᠵᠢᠯ ᠢ ᠵᠣᠬᠢᠴᠠᠭᠤᠯᠤᠨ | ᠵᠣᠬᠢᠶᠠᠨ ᠪᠠᠶᠢᠭᠤᠯᠵᠤ ᠥᠷᠨᠢᠭᠦᠯᠦᠨ᠎ᠡ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠢᠨᠠᠯᠲᠠ ᠬᠠᠮᠢᠶᠠᠷᠤᠯᠲᠠ ᠶᠢᠨ | ᠮᠡᠳᠡᠭᠡ ᠵᠠᠩᠭᠢ ᠪᠠ ᠢᠯᠡ ᠨᠡᠶᠢᠲᠡᠯᠡᠭᠰᠡᠨ ᠮᠡᠳᠡᠭᠡ ᠵᠠᠩᠭᠢ ᠶᠢ ᠴᠤᠭᠯᠠᠭᠤᠯᠵᠤ ᠬᠠᠮᠲᠤᠪᠠᠷ ᠭᠥᠷᠳᠡᠬᠦ᠂ ᠬᠤᠯᠪᠤᠭᠠᠯᠠᠨ | ᠵᠠᠯᠬᠠᠭᠠᠨ ᠴᠡᠭᠡᠷᠯᠡᠭᠦᠯᠬᠦ ᠶᠢᠨ ᠵᠣᠬᠢᠴᠠᠭᠤᠯᠤᠨ ᠬᠠᠷᠢᠯᠴᠠᠬᠤ ᠵᠡᠷᠭᠡ ᠠᠵᠢᠯ ᠢ ᠡᠭᠦᠷᠭᠡᠯᠡᠨ᠎ᠡ᠃ ᠪᠥᠬᠦ ᠲᠤᠭᠤᠷᠢᠭ ᠤᠨ | ᠦᠢᠯᠡᠳᠬᠦᠨ ᠤ ᠶᠠᠰᠤ ᠴᠢᠨᠠᠷ ᠤᠨ ᠦᠨᠡᠨᠴᠢ ᠢᠲᠡᠭᠡᠮᠵᠢ ᠶᠢᠨ ᠳᠦᠷᠢᠮ ᠢ ᠪᠠᠶᠢᠭᠤᠯᠵᠤ᠂ ᠵᠣᠬᠢᠶᠠᠨ ᠪᠠᠶᠢᠭᠤᠯᠬᠤ ᠶᠢᠨ | ᠬᠠᠮᠲᠤ ᠬᠡᠷᠡᠭᠵᠢᠭᠦᠯᠦᠨ᠎ᠡ᠃ | ᠬᠠᠤᠯᠢ ᠲᠣᠭᠲᠠᠭᠠᠯ ᠶᠣᠰᠣᠭᠠᠷ ᠬᠠᠤᠯᠢ ᠬᠡᠷᠡᠭᠵᠢᠭᠦᠯᠬᠦ ᠵᠢᠷᠤᠮ ᠢ ᠬᠢᠨᠠᠨ ᠬᠠᠷᠭᠤᠭᠤᠯᠬᠤ᠂ ᠴᠢᠯᠦᠭᠡᠲᠦ | ᠲᠠᠰᠤᠯᠤᠯᠲᠠ ᠶᠢᠨ ᠡᠷᠬᠡ ᠶᠢ ᠵᠢᠷᠤᠮᠵᠢᠭᠤᠯᠬᠤ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠬᠡᠷᠡᠭ ᠢ ᠬᠢᠨᠠᠨ | ᠪᠠᠶᠢᠴᠠᠭᠠᠬᠤ ᠪᠠ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ ᠲᠠᠯᠪᠢᠬᠤ ᠠᠵᠢᠯ ᠢ ᠡᠭᠦᠷᠭᠡᠯᠡᠨ᠎ᠡ᠃ | ᠬᠠᠮᠢᠶ᠎ᠠ ᠪᠦᠬᠦᠢ ᠭᠡᠷᠡᠴᠢᠯᠡᠭᠡ ᠰᠣᠨᠣᠰᠬᠤ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠬᠦ ᠬᠡᠷᠡᠭᠲᠡᠢ᠃ ᠬᠤᠯᠪᠣᠭᠳᠠᠯ | ᠪᠦᠬᠦᠢ ᠵᠠᠰᠠᠭ ᠵᠠᠬᠢᠷᠭᠠᠨ ᠤ ᠳᠠᠬᠢᠨ ᠵᠥᠪᠯᠡᠬᠦ᠂ ᠵᠠᠰᠠᠭ ᠵᠠᠬᠢᠷᠭᠠᠨ ᠤ ᠵᠠᠷᠭᠤ ᠬᠦᠯᠢᠶᠡᠬᠦ᠂ ᠵᠠᠰᠠᠭ ᠵᠠᠬᠢᠷᠭᠠᠨ ᠤ | ᠲᠥᠯᠥᠪᠦᠷᠢ ᠶᠢᠨ ᠠᠵᠢᠯ ᠢ ᠡᠭᠦᠷᠭᠡᠯᠡᠬᠦ ᠪᠤᠶᠤ ᠲᠡᠭᠦᠨ ᠳᠤ ᠣᠷᠣᠯᠴᠠᠨ᠎ᠠ᠃ ᠵᠠᠰᠠᠭ ᠵᠠᠬᠢᠷᠭᠠᠨ ᠤ ᠠᠵᠢᠯᠲᠠᠨ ᠤ ᠬᠢᠷᠢ | ᠬᠡᠮ ᠤᠨ ᠬᠠᠮᠢᠶᠠᠷᠤᠯᠲᠠ ᠶᠢᠨ ᠠᠵᠢᠯ ᠢ ᠡᠭᠦᠷᠭᠡᠯᠡᠵᠦ᠂ ᠬᠠᠤᠯᠢ ᠪᠠᠷ ᠵᠠᠰᠠᠬᠤ ᠤᠬᠠᠭᠤᠯᠭ᠎ᠠ ᠬᠥᠮᠦᠵᠢᠯ ᠤᠨ ᠠᠵᠢᠯ ᠢ | ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠲᠣᠰ ᠲᠣᠪᠴᠢᠶ᠎ᠠ ᠶᠢᠨ ᠵᠠᠰᠠᠭ ᠵᠠᠬᠢᠷᠭᠠᠨ ᠤ ᠡᠷᠬᠡ ᠶᠢᠨ ᠨᠠᠷᠢᠨ ᠬᠠᠭᠤᠳᠠᠰᠤ | ᠵᠢᠴᠢ ᠵᠠᠰᠠᠭ ᠵᠠᠬᠢᠷᠭᠠᠨ ᠤ ᠡᠷᠬᠡ ᠶᠢᠨ ᠵᠦᠢᠯᠡᠰ ᠤᠨ ᠲᠤᠬᠠᠶᠢᠯᠠᠭᠰᠠᠨ ᠠᠵᠢᠯ ᠤᠨ ᠰᠠᠬᠢᠯᠭ᠎ᠠ ᠳᠦᠷᠢᠮ᠂ | ᠦᠢᠯᠡᠴᠢᠯᠡᠭᠡᠨ ᠤ ᠵᠦᠭᠯᠡᠭᠦᠷ᠂ ᠬᠡᠷᠡᠭ ᠭᠦᠢᠴᠡᠳᠬᠡᠬᠦ ᠴᠤᠪᠤᠷᠠᠯ ᠪᠠ ᠬᠠᠷᠢᠭᠤᠴᠠᠯᠭ᠎ᠠ ᠶᠢᠨ ᠨᠠᠷᠢᠨ ᠬᠠᠭᠤᠳᠠᠰᠤ ᠶᠢ | ᠬᠢᠨᠠᠨ ᠬᠠᠷᠭᠤᠭᠤᠯᠬᠤ ᠬᠡᠷᠡᠭᠲᠡᠢ᠃ | ︵ᠭᠤᠷᠪᠠ︶ ᠪᠦᠷᠢᠳᠬᠡᠨ ᠳᠠᠩᠰᠠᠯᠠᠬᠤ ᠲᠠᠰᠤᠭ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠨᠢᠭᠡᠳᠦᠯᠲᠡᠢ | ᠪᠦᠷᠢᠳᠬᠡᠨ ᠳᠠᠩᠰᠠᠯᠠᠬᠤ ᠪᠠ ᠡᠵᠡᠩᠨᠡᠯᠲᠡ ᠶᠢᠨ ᠦᠨᠡᠮᠯᠡᠯ ᠢ ᠬᠢᠨᠠᠨ ᠣᠯᠭᠤᠬᠤ ᠳᠦᠷᠢᠮ ᠤᠨ ᠠᠷᠭ᠎ᠠ ᠬᠡᠮᠵᠢᠶ᠎ᠡ ᠶᠢ | ᠲᠤᠭᠤᠷᠪᠢᠨ ᠲᠣᠭᠲᠠᠭᠠᠬᠤ ᠶᠢᠨ ᠬᠠᠮᠲᠤ ᠵᠢᠯᠣᠭᠤᠳᠤᠨ ᠬᠡᠷᠡᠭᠵᠢᠭᠦᠯᠦᠨ᠎ᠡ᠃ ᠪᠦᠷᠢᠳᠬᠡᠨ ᠳᠠᠩᠰᠠᠯᠠᠬᠤ ᠪᠥᠬᠦ | ᠶᠠᠪᠤᠴᠠ ᠶᠢᠨ ᠡᠯᠧᠺᠲᠷᠤᠨᠴᠢᠯᠠᠬᠤ ᠠᠵᠢᠯ ᠢ ᠵᠢᠯᠤᠭᠤᠳᠬᠤ ᠶᠢ ᠡᠭᠦᠷᠭᠡᠯᠡᠨ᠎ᠡ᠃ ᠪᠦᠷᠢᠳᠬᠡᠨ ᠳᠠᠩᠰᠠᠯᠠᠭᠤᠯᠤᠭᠰᠠᠨ | ᠮᠡᠳᠡᠭᠡ ᠵᠠᠩᠭᠢ ᠶᠢ ᠵᠠᠳᠠᠯᠤᠨ ᠢᠯᠡ ᠪᠣᠯᠭᠠᠬᠤ ᠠᠵᠢᠯ ᠢ ᠡᠭᠦᠷᠭᠡᠯᠡᠨ᠎ᠡ᠃ ᠠᠵᠤ ᠠᠬᠤᠶᠢᠯᠠᠯ ᠳᠤ ᠬᠤᠯᠪᠣᠭᠳᠠᠬᠤ ᠮᠡᠳᠡᠭᠡ | ᠵᠠᠩᠭᠢ ᠶᠢ ᠪᠠᠶᠢᠴᠠᠭᠠᠨ ᠯᠠᠪᠯᠠᠬᠤ ᠦᠢᠯᠡᠴᠢᠯᠡᠭᠡ ᠬᠠᠩᠭᠠᠨ᠎ᠠ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠲᠠᠯ᠎ᠠ ᠪᠠᠷ ᠬᠢ ᠵᠠᠰᠠᠭ ᠵᠠᠬᠢᠷᠭᠠᠨ ᠤ ᠵᠥᠪᠰᠢᠶᠡᠷᠡᠯ ᠤᠨ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠯᠡᠬᠦ᠂ ᠰᠠᠯᠭᠠᠨ | ᠥᠭᠬᠦ ᠵᠢᠴᠢ ᠦᠨᠡᠮᠯᠡᠯ ᠠᠪᠬᠤ ᠠᠵᠢᠯ ᠢ ᠵᠢᠯᠣᠭᠤᠳᠤᠨ᠎ᠠ᠃ ᠬᠤᠪᠢ ᠶᠢᠨ ᠡᠵᠡᠩᠨᠡᠯᠲᠡ ᠶᠢᠨ ᠠᠵᠤ ᠠᠬᠤᠢ ᠶᠢᠨ | ᠬᠥᠭᠵᠢᠯᠲᠡ ᠶᠢ ᠲᠡᠳᠬᠦᠨ ᠳᠡᠮᠵᠢᠵᠦ᠂ ᠵᠢᠵᠢᠭ ᠪᠢᠴᠢᠯ ᠠᠵᠤ ᠠᠬᠤᠶᠢᠯᠠᠯ ᠤᠨ ᠨᠡᠷᠡᠰ ᠤᠨ ᠵᠢᠭᠰᠠᠭᠠᠯᠲᠠ ᠶᠢ | ᠪᠠᠶᠢᠭᠤᠯᠤᠨ ᠲᠡᠭᠦᠯᠳᠡᠷᠵᠢᠭᠦᠯᠬᠦ ᠠᠵᠢᠯ ᠢ ᠡᠭᠦᠷᠭᠡᠯᠡᠨ᠎ᠡ᠃ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠭᠤᠣᠯ | ᠴᠣᠭᠴᠠ ᠶᠢᠨ ᠣᠨ ᠤ ᠮᠡᠳᠡᠭᠦᠯᠦᠯᠲᠡ ᠶᠢᠨ ᠠᠵᠢᠯ ᠢ ᠵᠣᠬᠢᠶᠠᠨ ᠪᠠᠶᠢᠭᠤᠯᠤᠨ ᠵᠢᠯᠣᠭᠤᠳᠤᠨ᠎ᠠ᠃ | ︵ᠳᠥᠷᠪᠡ︶ ᠡᠷᠬᠡ ᠲᠡᠭᠰᠢ ᠪᠠᠷ ᠠᠷᠠᠯᠵᠢᠶᠠᠯᠠᠬᠤ ᠪᠠ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠲᠠᠰᠤᠭ | ︵ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠢᠨᠠᠯᠲᠠ ᠬᠠᠮᠢᠶᠠᠷᠤᠯᠲᠠ ᠶᠢᠨ ᠲᠠᠰᠤᠭ᠂ ᠵᠠᠷ ᠮᠡᠳᠡᠭᠡ ᠶᠢᠨ | ᠬᠢᠨᠠᠯᠲᠠ ᠬᠠᠮᠢᠶᠠᠷᠤᠯᠲᠠ ᠶᠢᠨ ᠲᠠᠰᠤᠭ᠂ ᠬᠡᠷᠡᠭᠯᠡᠭᠡᠨ ᠤ ᠣᠷᠴᠢᠨ ᠲᠣᠭᠤᠷᠢᠨ ᠤ ᠪᠦᠲᠦᠭᠡᠨ ᠪᠠᠶᠢᠭᠤᠯᠤᠯᠲᠠ ᠶᠢᠨ | ᠵᠢᠯᠤᠭᠤᠳᠬᠤ ᠲᠠᠰᠤᠭ︶᠃ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠪᠠᠶᠢᠯᠳᠤᠬᠤ ᠪᠣᠳᠣᠯᠭ᠎ᠠ ᠶᠢᠨ | ᠲᠥᠯᠦᠪᠵᠢᠭᠦᠯᠭᠡ ᠶᠢ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠪᠠᠷ ᠲᠤᠭᠤᠷᠢᠭ ᠢᠶᠠᠨ ᠬᠦᠴᠦᠷᠬᠡᠭᠵᠢᠭᠦᠯᠬᠦ | ᠪᠠᠶᠢᠭᠤᠯᠤᠯᠲᠠ ᠶᠢ ᠠᠬᠢᠭᠤᠯᠵᠤ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠮᠡᠳᠡᠭᠡ ᠵᠠᠩᠭᠢ ᠶᠢᠨ | ᠣᠯᠠᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠲᠤᠷᠰᠢᠯᠲᠠ ᠶᠢᠨ ᠮᠡᠳᠡᠯᠭᠡ ᠶᠢᠨ ᠪᠦᠲᠦᠭᠡᠭᠳᠡᠬᠦᠨ ᠤ | ᠥᠮᠴᠢᠯᠡᠬᠦ ᠡᠷᠬᠡ ᠶᠢᠨ ᠤᠷᠮᠠᠰᠢᠭᠤᠯᠵᠤ ᠱᠠᠩᠨᠠᠬᠤ᠂ ᠡᠭᠦᠳᠦᠨ ᠪᠦᠲᠦᠭᠡᠵᠦ ᠬᠡᠷᠡᠭᠯᠡᠬᠦ ᠬᠠᠮᠢᠶᠠᠷᠤᠯᠲᠠ ᠶᠢᠨ ᠲᠥᠷᠥ ᠶᠢᠨ | ᠪᠣᠳᠣᠯᠭ᠎ᠠ ᠶᠢᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢ ᠵᠠᠳᠠᠯᠤᠨ ᠦᠨᠡᠯᠡᠬᠦ᠂ ᠬᠡᠷᠡᠭᠯᠡᠬᠦ ᠵᠢᠴᠢ | ᠪᠠᠷᠢᠮᠵᠢᠶᠠᠵᠢᠭᠤᠯᠬᠤ ᠰᠢᠰᠲ᠋ᠧᠮᠵᠢ ᠶᠢᠨ ᠪᠠᠶᠢᠭᠤᠯᠤᠯᠲᠠ ᠶᠢ ᠡᠭᠦᠷᠭᠡᠯᠡᠨ᠎ᠡ᠃ ᠳᠠᠨᠵᠢᠯᠠᠵᠤ ᠪᠡᠯᠡ ᠲᠣᠬᠢᠷᠠᠭᠤᠯᠬᠤ᠂ ᠳᠠᠯᠳᠠ | ᠬᠥᠷᠥᠩᠭᠡ ᠶᠢ ᠦᠨᠡᠯᠡᠨ ᠵᠢᠱᠢᠬᠦ ᠵᠢᠴᠢ ᠲᠤᠭᠤᠷᠢᠭ ᠤᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠠᠵᠢᠯ ᠢ ᠵᠣᠬᠢᠴᠠᠭᠤᠯᠤᠨ ᠵᠢᠯᠤᠭᠤᠳᠴᠤ᠂ ᠮᠡᠳᠡᠯᠭᠡ ᠶᠢᠨ | ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠲᠠᠸᠠᠷ ᠤᠨ ᠲᠡᠮᠳᠡᠭᠲᠦ ᠪᠠ ᠲᠤᠰᠬᠠᠢ ᠠᠰᠢᠭ ᠤᠨ ᠬᠠᠮᠠᠭᠠᠯᠠᠯᠲᠠ ᠵᠡᠷᠭᠡ | ᠣᠷᠣᠨ ᠨᠤᠲᠤᠭ ᠤᠨ ᠴᠢᠨᠠᠷᠲᠠᠢ ᠬᠠᠤᠯᠢ ᠲᠣᠭᠲᠠᠭᠠᠯ ᠵᠢᠴᠢ ᠬᠠᠮᠠᠭᠠᠯᠠᠯᠲᠠ ᠶᠢᠨ ᠳᠦᠷᠢᠮ ᠢ ᠬᠡᠷᠡᠭᠵᠢᠭᠦᠯᠦᠨ᠎ᠡ᠃ | ᠰᠢᠨ᠎ᠡ ᠬᠦᠷᠢᠶ᠎ᠡ ᠴᠠᠷᠠᠭ᠎ᠠ᠂ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ᠂ ᠰᠢᠨ᠎ᠡ ᠵᠠᠭᠪᠤᠷ ᠤᠨ ᠮᠡᠳᠡᠯᠭᠡ ᠶᠢᠨ | ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠠᠮᠠᠭᠠᠯᠠᠯᠲᠠ᠂ ᠬᠠᠮᠢᠶᠠᠷᠤᠯᠲᠠ ᠪᠠ ᠦᠢᠯᠡᠴᠢᠯᠡᠭᠡ ᠶᠢ ᠵᠣᠷᠢᠭᠵᠢᠭᠤᠯᠬᠤ | ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠲᠤᠭᠤᠷᠪᠢᠨ ᠲᠣᠭᠲᠠᠭᠠᠵᠤ ᠬᠡᠷᠡᠭᠵᠢᠭᠦᠯᠦᠨ᠎ᠡ᠃ ᠤᠭ | ᠭᠠᠷᠤᠯᠲᠠ ᠶᠢᠨ ᠭᠠᠵᠠᠷ ᠤᠨ ᠭᠠᠵᠠᠷ ᠵᠦᠢ ᠶᠢᠨ ᠪᠡᠯᠭᠡ ᠲᠡᠮᠳᠡᠭ ᠵᠡᠷᠭᠡ ᠠᠯᠪᠠᠨ ᠤ ᠲᠠᠯ᠎ᠠ ᠶᠢᠨ ᠬᠠᠮᠠᠭᠠᠯᠠᠯᠲᠠ ᠶᠢ | ᠡᠭᠦᠷᠭᠡᠯᠡᠵᠦ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠮᠠᠷᠭᠤᠯᠳᠤᠭᠠᠨ ᠢ ᠰᠢᠢᠳᠪᠦᠷᠢᠯᠡᠬᠦ᠂ ᠡᠷᠬᠡ ᠪᠠᠨ | ᠬᠠᠮᠠᠭᠠᠯᠠᠵᠤ ᠲᠤᠰᠠᠯᠠᠬᠤ ᠪᠠ ᠵᠢᠭᠤᠷᠠᠯᠳᠤᠭᠠᠨ ᠢ ᠡᠶᠡᠳᠡᠭᠦᠯᠦᠨ ᠰᠢᠢᠳᠪᠦᠷᠢᠯᠡᠬᠦ ᠵᠡᠷᠭᠡ ᠠᠵᠢᠯ ᠢ ᠮᠡᠳᠡᠯᠭᠡ ᠶᠢᠨ | ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠦᠢᠯᠡᠴᠢᠯᠡᠭᠡᠨ ᠤ ᠪᠠᠶᠢᠭᠤᠯᠤᠮᠵᠢ ᠳᠤ ᠬᠢᠨᠠᠯᠲᠠ ᠲᠠᠯᠪᠢᠨ ᠬᠠᠮᠢᠶᠠᠷᠴᠤ᠂ | ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠶᠢᠨ ᠬᠠᠮᠠᠭᠠᠯᠠᠯᠲᠠ ᠶᠢᠨ ᠰᠢᠰᠲ᠋ᠧᠮᠵᠢ ᠪᠠ ᠬᠠᠤᠯᠢ ᠬᠡᠷᠡᠭᠵᠢᠭᠦᠯᠬᠦ | ᠵᠠᠷ ᠤᠨ ᠦᠢᠯᠡᠰ ᠤᠨ ᠬᠥᠭᠵᠢᠯᠲᠡ ᠶᠢᠨ ᠲᠥᠯᠦᠪᠵᠢᠭᠦᠯᠭᠡ᠂ ᠰᠠᠨᠠᠯ ᠢ ᠲᠤᠭᠤᠷᠪᠢᠨ ᠲᠣᠭᠲᠠᠭᠠᠬᠤ ᠶᠢᠨ ᠬᠠᠮᠲᠤ | ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠵᠠᠷ ᠤᠨ ᠬᠢᠨᠠᠯᠲᠠ ᠬᠠᠮᠢᠶᠠᠷᠤᠯᠲᠠ ᠶᠢ ᠬᠡᠷᠡᠭᠵᠢᠭᠦᠯᠬᠦ ᠳᠦᠷᠢᠮ ᠠᠷᠭ᠎ᠠ | ᠬᠡᠮᠵᠢᠶ᠎ᠡ ᠶᠢ ᠲᠤᠭᠤᠷᠪᠢᠨ ᠲᠣᠭᠲᠠᠭᠠᠨ᠎ᠠ᠃ ᠢᠳᠡᠭᠡᠨ᠂ ᠡᠮ ᠤᠨ ᠵᠦᠢᠯ᠂ ᠡᠷᠡᠭᠦᠯᠵᠢᠯ ᠤᠨ ᠢᠳᠡᠭᠡᠨ᠂ ᠡᠮᠴᠢᠯᠡᠭᠡᠨ ᠤ | ᠪᠠᠭᠠᠵᠢ ᠬᠡᠷᠡᠭᠰᠡᠯ᠂ ᠠᠨᠠᠭᠠᠬᠤ ᠤᠬᠠᠭᠠᠨ ᠤ ᠣᠨᠴᠣᠭᠤᠢ ᠬᠡᠷᠡᠭᠴᠡᠭᠡᠲᠦ ᠨᠠᠶᠢᠷᠠᠯᠭ᠎ᠠ ᠲᠠᠢ ᠢᠳᠡᠭᠡᠨ ᠤ ᠵᠠᠷ ᠲᠤ ᠬᠢᠨᠠᠯᠲᠠ | ᠲᠠᠯᠪᠢᠵᠤ ᠪᠠᠶᠢᠴᠠᠭᠠᠬᠤ ᠶᠢ ᠬᠠᠷᠢᠭᠤᠴᠠᠨ᠎ᠠ᠃ ᠡᠯ᠎ᠡ ᠲᠥᠷᠥᠯ ᠤᠨ ᠵᠠᠭᠤᠴᠢᠯᠠᠭᠤᠷ ᠤᠨ ᠵᠠᠷ ᠮᠡᠳᠡᠭᠡ ᠨᠡᠶᠢᠲᠡᠯᠡᠭᠰᠡᠨ | ᠪᠠᠶᠢᠳᠠᠯ ᠢ ᠵᠣᠬᠢᠶᠠᠨ ᠪᠠᠶᠢᠭᠤᠯᠤᠨ ᠬᠢᠨᠠᠨ ᠬᠡᠮᠵᠢᠨ᠎ᠡ᠃ ᠵᠠᠷ ᠢ ᠬᠢᠨᠠᠨ ᠪᠠᠶᠢᠴᠠᠭᠠᠬᠤ ᠪᠠᠶᠢᠭᠤᠯᠤᠮᠵᠢ ᠪᠠ ᠵᠠᠷ ᠤᠨ ᠠᠵᠢᠯ | ᠲᠥᠷᠥᠯ ᠤᠨ ᠵᠣᠬᠢᠶᠠᠨ ᠪᠠᠶᠢᠭᠤᠯᠤᠯᠲᠠ ᠶᠢᠨ ᠠᠵᠢᠯ ᠢ ᠵᠢᠯᠣᠭᠤᠳᠤᠨ᠎ᠠ᠃ ᠬᠡᠷᠡᠭᠯᠡᠭᠴᠢᠳ ᠤᠨ ᠡᠷᠬᠡ ᠠᠰᠢᠭ ᠢ | ᠬᠠᠮᠠᠭᠠᠯᠠᠬᠤ ᠲᠥᠷᠥ ᠶᠢᠨ ᠪᠣᠳᠣᠯᠭ᠎ᠠ ᠠᠷᠭ᠎ᠠ ᠶᠢ ᠰᠤᠳᠤᠯᠤᠨ ᠲᠣᠭᠲᠠᠭᠠᠬᠤ ᠪᠥᠭᠡᠳ ᠵᠣᠬᠢᠶᠠᠨ ᠪᠠᠶᠢᠭᠤᠯᠵᠤ | ᠬᠡᠷᠡᠭᠵᠢᠭᠦᠯᠦᠨ᠎ᠡ᠃ ᠬᠤᠯᠪᠣᠭᠳᠠᠯ ᠪᠦᠬᠦᠢ ᠦᠢᠯᠡᠴᠢᠯᠡᠭᠡᠨ ᠤ ᠬᠦᠷᠢᠶᠡᠨ ᠳᠠᠬᠢ ᠡᠵᠡᠩᠨᠡᠯᠲᠡ ᠶᠢᠨ ᠦᠶᠯᠡ | ᠠᠵᠢᠯᠯᠠᠭ᠎ᠠ ᠶᠢ ᠵᠢᠷᠤᠮᠵᠢᠭᠤᠯᠬᠤ ᠪᠠ ᠬᠢᠨᠠᠯᠲᠠ ᠲᠠᠯᠪᠢᠵᠤ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠤᠨ | ᠵᠢᠯᠣᠭᠤᠳᠤᠨ᠎ᠠ᠃ ᠬᠡᠷᠡᠭᠯᠡᠭᠴᠢᠳ ᠤᠨ ᠠᠰᠠᠭᠤᠨ ᠯᠠᠪᠯᠠᠬᠤ᠂ ᠵᠠᠭᠠᠯᠳᠤᠬᠤ᠂ ᠢᠯᠡᠴᠢᠯᠡᠨ ᠮᠡᠳᠡᠭᠦᠯᠬᠦ ᠶᠢ ᠭᠥᠯᠢᠶᠡᠨ | ᠠᠪᠴᠤ ᠰᠢᠢᠳᠪᠦᠷᠢᠯᠡᠬᠦ ᠪᠠ ᠰᠦᠯᠵᠢᠶᠡᠨ ᠤ ᠰᠢᠰᠲ᠋ᠧᠮ ᠤᠨ ᠪᠠᠶᠢᠭᠤᠯᠤᠯᠲᠠ ᠶᠢ ᠵᠢᠯᠣᠭᠤᠳᠤᠨ᠎ᠠ᠃ ᠬᠡᠷᠡᠭᠯᠡᠭᠡᠨ ᠤ | ᠣᠷᠴᠢᠨ ᠨᠥᠬᠦᠴᠡᠯ ᠤᠨ ᠪᠠᠶᠢᠭᠤᠯᠤᠯᠲᠠ ᠪᠠ ᠬᠡᠷᠡᠭᠯᠡᠭᠡᠨ ᠤ ᠣᠷᠴᠢᠨ ᠨᠥᠬᠦᠴᠡᠯ ᠤᠨ ᠦᠨᠡᠯᠡᠯᠲᠡ ᠶᠢᠨ ᠠᠵᠢᠯ ᠢ | ᠵᠢᠯᠣᠭᠤᠳᠤᠨ᠎ᠠ᠃ ᠬᠡᠷᠡᠭᠯᠡᠭᠴᠢᠳ ᠤᠨ ᠡᠷᠬᠡ ᠠᠰᠢᠭ ᠢ ᠵᠠᠰᠠᠭ ᠵᠠᠬᠢᠷᠭᠠᠨ ᠢᠶᠠᠷ ᠬᠠᠮᠠᠭᠠᠯᠠᠬᠤ ᠠᠵᠢᠯ ᠢ ᠨᠢᠭᠡᠳᠦᠯᠲᠡᠢ | ᠲᠥᠯᠥᠪᠯᠡᠨ ᠵᠣᠬᠢᠴᠠᠭᠤᠯᠤᠨ᠎ᠠ᠃ ᠦᠬᠠᠢ ᠬᠤᠲᠠ ᠶᠢᠨ ᠤᠳᠠ ᠲᠣᠭᠤᠷᠢᠭ ᠤᠨ ᠬᠡᠷᠡᠭᠯᠡᠭᠴᠢᠳ ᠤᠨ ᠨᠡᠶᠢᠭᠡᠮᠯᠢᠭ ᠤᠨ | ᠠᠯᠪᠠᠨ ᠭᠡᠷ ᠤᠨ ᠠᠵᠢᠯ ᠢ ᠵᠢᠯᠣᠭᠤᠳᠤᠨ᠎ᠠ᠃ | ︵ᠲᠠᠪᠤ︶ ᠵᠠᠬ᠎ᠠ ᠳᠡᠯᠭᠡᠭᠦᠷ ᠤᠨ ᠡᠮᠬᠢ ᠳᠢᠭᠯᠢᠮ ᠤᠨ ᠶᠡᠷᠦᠩᠬᠡᠶᠢᠯᠡᠭᠰᠡᠨ ᠬᠢᠨᠠᠯᠲᠠ ᠬᠠᠮᠢᠶᠠᠷᠤᠯᠲᠠ ᠶᠢᠨ ᠲᠠᠰᠤᠭ | ︵ᠰᠦᠯᠵᠢᠶᠡᠨ ᠤ ᠠᠷᠠᠯᠵᠢᠶ᠎ᠠ ᠶᠢᠨ ᠬᠢᠨᠠᠯᠲᠠ ᠬᠠᠮᠢᠶᠠᠷᠤᠯᠲᠠ ᠶᠢᠨ ᠲᠠᠰᠤᠭ᠂ ᠦᠨ᠎ᠡ ᠬᠠᠩᠰᠢ ᠶᠢᠨ ᠬᠢᠨᠠᠯᠲᠠ | ᠬᠠᠮᠢᠶᠠᠷᠤᠯᠲᠠ ᠶᠢᠨ ᠲᠠᠰᠤᠭ︶᠃ ᠵᠠᠬ᠎ᠠ ᠳᠡᠯᠭᠡᠭᠦᠷ ᠤᠨ ᠵᠢᠷᠤᠮᠵᠢᠯ ᠪᠠ ᠰᠦᠯᠵᠢᠶᠡᠨ ᠤ ᠲᠠᠸᠠᠷ ᠤᠨ ᠠᠷᠠᠯᠵᠢᠶ᠎ᠠ ᠵᠢᠴᠢ | ᠬᠤᠯᠪᠣᠭᠳᠠᠯ ᠪᠦᠬᠦᠢ ᠦᠢᠯᠡᠴᠢᠯᠡᠭᠡᠨ ᠤ ᠬᠢᠨᠠᠯᠲᠠ ᠬᠠᠮᠢᠶᠠᠷᠤᠯᠲᠠ ᠶᠢᠨ ᠳᠦᠷᠢᠮ ᠠᠷᠭ᠎ᠠ ᠬᠡᠮᠵᠢᠶ᠎ᠡ ᠶᠢ ᠲᠤᠭᠤᠷᠪᠢᠨ | ᠲᠣᠭᠲᠠᠭᠠᠵᠤ ᠬᠡᠷᠡᠭᠵᠢᠭᠦᠯᠦᠨ᠎ᠡ᠃ ᠭᠡᠷ᠎ᠡ᠂ ᠦᠨ᠎ᠡ ᠬᠠᠶᠠᠵᠤ ᠬᠤᠳᠠᠯᠳᠤᠬᠤ ᠠᠵᠢᠯᠯᠠᠭ᠎ᠠ ᠳᠤ ᠬᠢᠨᠠᠯᠲᠠ ᠲᠠᠯᠪᠢᠵᠤ | ᠬᠠᠮᠢᠶᠠᠷᠬᠤ ᠶᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠬᠥᠳᠡᠯᠬᠦ ᠬᠥᠷᠥᠩᠭᠡ ᠶᠢᠨ ᠪᠡᠷᠢᠴᠠᠭᠠᠨ ᠤ ᠡᠳ᠋ ᠤᠨ | ᠳᠠᠩᠰᠠᠯᠠᠯᠲᠠ ᠶᠢ ᠬᠠᠮᠢᠶᠠᠷᠤᠨ᠎ᠠ᠃ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠡᠮᠬᠢ ᠵᠢᠷᠤᠮ᠂ ᠦᠢᠯᠡ ᠠᠵᠢᠯᠯᠠᠭ᠎ᠠ ᠶᠢ | ᠬᠠᠤᠯᠢ ᠶᠣᠰᠣᠭᠠᠷ ᠵᠢᠷᠤᠮᠵᠢᠭᠤᠯᠤᠨ ᠬᠠᠮᠠᠭᠠᠯᠠᠬᠤ ᠬᠢᠨᠠᠯᠲᠠ ᠬᠠᠮᠢᠶᠠᠷᠤᠯᠲᠠ ᠶᠢᠨ ᠠᠵᠢᠯ ᠢ ᠡᠭᠦᠷᠭᠡᠯᠡᠨ᠎ᠡ᠃ | ᠰᠦᠯᠵᠢᠶᠡᠨ ᠤ ᠠᠷᠠᠯᠵᠢᠶᠠᠨ ᠤ ᠲᠠᠪᠴᠠᠩ ᠪᠠ ᠰᠦᠯᠵᠢᠶᠡᠨ ᠤ ᠡᠵᠡᠩᠨᠡᠯᠲᠡ ᠶᠢᠨ ᠭᠤᠣᠯ ᠴᠣᠭᠴᠠ ᠶᠢᠨ | ᠵᠢᠷᠤᠮᠵᠢᠭᠰᠠᠨ ᠬᠠᠮᠢᠶᠠᠷᠤᠯᠲᠠ ᠶᠢᠨ ᠠᠵᠢᠯ ᠢ ᠵᠣᠬᠢᠶᠠᠨ ᠪᠠᠶᠢᠭᠤᠯᠤᠨ ᠵᠢᠯᠣᠭᠤᠳᠤᠨ᠎ᠠ᠃ ᠰᠦᠯᠵᠢᠶᠡᠨ ᠤ ᠵᠠᠬ᠎ᠠ | ᠳᠡᠯᠭᠡᠭᠦᠷ ᠤᠨ ᠬᠢᠨᠠᠨ ᠬᠡᠮᠵᠢᠬᠦ ᠠᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠦᠨᠡᠮᠯᠡᠯ ᠦᠭᠡᠢ ᠪᠠᠷ | ᠦᠢᠯᠡᠳᠪᠦᠷᠢᠯᠡᠵᠦ ᠡᠵᠡᠩᠨᠡᠬᠦ ᠪᠠ ᠬᠠᠮᠢᠶ᠎ᠠ ᠪᠦᠬᠦᠢ ᠦᠨᠡᠮᠯᠡᠯ ᠦᠭᠡᠢ ᠪᠠᠷ ᠦᠢᠯᠡᠳᠪᠦᠷᠢᠯᠡᠵᠦ ᠡᠵᠡᠩᠨᠡᠬᠦ ᠦᠶᠯᠡ | ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠬᠦ ᠠᠵᠢᠯ ᠢ ᠵᠢᠯᠣᠭᠤᠳᠤᠨ᠎ᠠ᠃ ᠦᠨ᠎ᠡ ᠬᠠᠩᠰᠢ ᠶᠢᠨ ᠰᠦᠢᠳᠬᠡᠯ | ᠬᠤᠷᠢᠶᠠᠯᠲᠠ ᠶᠢ ᠬᠢᠨᠠᠵᠤ ᠪᠠᠶᠢᠴᠠᠭᠠᠬᠤ᠂ ᠵᠦᠢ ᠪᠤᠰᠤ ᠥᠷᠢᠰᠦᠯᠳᠦᠭᠡᠨ ᠢ ᠡᠰᠡᠷᠭᠦᠴᠡᠬᠦ ᠬᠤᠯᠪᠣᠭᠳᠠᠯ ᠪᠦᠬᠦᠢ ᠳᠦᠷᠢᠮ | ᠠᠷᠭ᠎ᠠ ᠬᠡᠮᠵᠢᠶ᠎ᠡ ᠶᠢ ᠲᠤᠭᠤᠷᠪᠢᠨ ᠲᠣᠭᠲᠠᠭᠠᠵᠤ ᠬᠡᠷᠡᠭᠵᠢᠭᠦᠯᠦᠨ᠎ᠡ᠃ ᠲᠠᠸᠠᠷ ᠤᠨ ᠦᠨ᠎ᠡ ᠬᠠᠩᠰᠢ᠂ ᠦᠢᠯᠡᠴᠢᠯᠡᠭᠡᠨ ᠤ | ᠦᠨ᠎ᠡ ᠬᠠᠩᠰᠢ ᠵᠢᠴᠢ ᠲᠦᠷᠦ ᠶᠢᠨ ᠪᠠᠶᠢᠭᠤᠯᠭ᠎ᠠ᠂ ᠠᠵᠢᠯ ᠦᠢᠯᠡᠰ ᠤᠨ ᠴᠢᠨᠠᠷᠲᠠᠢ ᠰᠦᠢᠳᠬᠡᠯ ᠬᠤᠷᠢᠶᠠᠯᠲᠠ ᠳᠤ | ᠬᠢᠨᠠᠯᠲᠠ ᠲᠠᠯᠪᠢᠵᠤ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠦᠨ᠎ᠡ ᠬᠠᠩᠰᠢ ᠶᠢᠨ | ᠰᠦᠢᠳᠬᠡᠯ ᠬᠤᠷᠢᠶᠠᠯᠲᠠ ᠶᠢᠨ ᠬᠠᠤᠯᠢ ᠲᠣᠭᠲᠠᠭᠠᠯ ᠠᠴᠠ ᠵᠥᠷᠢᠴᠡᠭᠰᠡᠨ ᠦᠶᠯᠡ ᠠᠵᠢᠯᠯᠠᠭ᠎ᠠ ᠪᠠ ᠵᠦᠢ ᠪᠤᠰᠤ | ᠥᠷᠢᠰᠦᠯᠳᠦᠭᠡᠨ ᠤ ᠦᠶᠯᠡ ᠠᠵᠢᠯᠯᠠᠭ᠎ᠠ ᠶᠢ ᠵᠣᠬᠢᠶᠠᠨ ᠪᠠᠶᠢᠭᠤᠯᠤᠨ ᠵᠢᠯᠤᠭᠤᠳᠴᠤ ᠪᠠᠶᠢᠴᠠᠭᠠᠨ ᠰᠢᠢᠳᠪᠦᠷᠢᠯᠡᠨ᠎ᠡ᠃ | ᠰᠢᠭᠤᠳ ᠪᠣᠷᠣᠯᠠᠭᠤᠯᠬᠤ ᠠᠵᠤ ᠠᠬᠤᠶᠢᠯᠠᠯ᠂ ᠰᠢᠭᠤᠳ ᠪᠣᠷᠣᠯᠠᠭᠤᠯᠤᠭᠴᠢ ᠵᠢᠴᠢ ᠰᠢᠭᠤᠳ ᠪᠣᠷᠣᠯᠠᠭᠤᠯᠬᠤ | ᠠᠵᠢᠯᠯᠠᠭ᠎ᠠ ᠶᠢ ᠬᠢᠨᠠᠨ ᠬᠠᠮᠢᠶᠠᠷᠬᠤ ᠪᠠ ᠳᠠᠮᠵᠢᠭᠤᠯᠤᠨ ᠪᠣᠷᠣᠯᠠᠭᠤᠯᠬᠤ ᠳᠤ ᠴᠣᠬᠢᠯᠲᠠ ᠥᠭᠬᠦ ᠠᠵᠢᠯ ᠢ ᠡᠭᠦᠷᠭᠡᠯᠡᠨ᠎ᠡ᠃ | ᠤᠯᠤᠰ ᠵᠢᠴᠢ ᠥᠪᠡᠷᠲᠡᠭᠡᠨ ᠵᠠᠰᠠᠬᠤ ᠣᠷᠣᠨ ᠤ ᠮᠣᠨᠣᠫᠣᠯᠢᠴᠢᠯᠠᠯ ᠢ ᠡᠰᠡᠷᠭᠦᠴᠡᠬᠦ ᠬᠠᠤᠯᠢ ᠬᠡᠷᠡᠭᠵᠢᠭᠦᠯᠬᠦ ᠠᠵᠢᠯ ᠳᠤ | ᠬᠠᠮᠵᠢᠯᠴᠠᠨ᠎ᠠ᠃ ᠭᠤᠣᠯᠴᠢ ᠥᠷᠢᠰᠦᠯᠳᠦᠭᠡᠨ ᠤ ᠬᠢᠨᠠᠨ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠤᠨ | ᠬᠡᠷᠡᠭᠵᠢᠭᠦᠯᠦᠨ᠎ᠡ᠃ | ︵ᠵᠢᠷᠭᠤᠭ᠎ᠠ︶ ᠢᠳᠡᠭᠡᠨ ᠤ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ ᠶᠢᠨ ᠲᠠᠰᠤᠭ᠃ ᠤᠳᠠ | ᠲᠣᠭᠤᠷᠢᠭ ᠤᠨ ᠢᠳᠡᠭᠡᠨ ᠪᠠ ᠡᠮ ᠤᠨ ᠵᠦᠢᠯ ᠤᠨ ᠠᠮᠤᠷ ᠲᠦᠪᠰᠢᠨ ᠤ ᠵᠥᠪᠯᠡᠯ ᠤᠨ ᠠᠯᠪᠠᠨ ᠭᠡᠷ ᠤᠨ ᠡᠳᠦᠷ | ᠲᠤᠲᠤᠮ ᠤᠨ ᠢᠳᠡᠭᠡᠨ ᠤ ᠠᠶᠤᠯ ᠦᠭᠡᠢ ᠶᠢᠨ ᠪᠠᠶᠢᠯᠳᠤᠬᠤ ᠪᠣᠳᠣᠯᠭ᠎ᠠ ᠶᠢ ᠲᠦᠯᠬᠢᠨ ᠠᠬᠢᠭᠤᠯᠬᠤ ᠠᠷᠭ᠎ᠠ | ᠬᠡᠮᠵᠢᠶ᠎ᠡ ᠶᠢ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠢᠳᠡᠭᠡᠨ ᠤ ᠠᠮᠤᠷ ᠲᠦᠪᠰᠢᠨ ᠤ | ᠭᠠᠵᠠᠷ ᠣᠷᠣᠨ ᠠᠯᠤᠰᠯᠠᠨ ᠰᠠᠯᠠᠭ᠎ᠠ ᠮᠥᠴᠢᠷ ᠠᠯᠤᠰᠯᠠᠨ ᠵᠣᠬᠢᠴᠠᠭᠤᠯᠵᠤ ᠬᠠᠮᠲᠤᠷᠠᠨ ᠬᠥᠳᠡᠯᠦᠯᠴᠡᠬᠦ ᠲᠣᠭᠲᠠᠴᠠ | ᠵᠡᠷᠭᠡ ᠠᠵᠢᠯ ᠢ ᠡᠭᠦᠷᠭᠡᠯᠡᠨ᠎ᠡ᠃ ᠢᠳᠡᠭᠡᠨ ᠤ ᠠᠮᠤᠷ ᠲᠦᠪᠰᠢᠨ ᠤ ᠦᠨᠡᠯᠡᠯᠲᠡ ᠶᠢᠨ ᠴᠢᠨᠠᠷᠲᠠᠢ ᠰᠤᠭᠤᠴᠢᠨ | ᠪᠠᠶᠢᠴᠠᠭᠠᠬᠤ᠂ ᠲᠦᠭᠰᠢᠭᠦᠷᠢ ᠶᠢ ᠤᠷᠢᠳᠴᠢᠯᠠᠨ ᠰᠡᠷᠡᠮᠵᠢᠯᠡᠭᠦᠯᠬᠦ ᠪᠠ ᠲᠦᠭᠰᠢᠭᠦᠷᠢ ᠶᠢᠨ ᠰᠣᠯᠢᠯᠴᠠᠭ᠎ᠠ ᠶᠢ ᠵᠣᠬᠢᠶᠠᠨ | ᠪᠠᠶᠢᠭᠤᠯᠤᠨ ᠥᠷᠨᠢᠭᠦᠯᠦᠨ᠎ᠡ᠃ ᠲᠦᠭᠰᠢᠭᠦᠷᠢ ᠶᠢ ᠬᠢᠨᠠᠨ ᠬᠡᠮᠵᠢᠬᠦ ᠠᠵᠢᠯ ᠢ ᠡᠭᠦᠷᠭᠡᠯᠡᠨ᠎ᠡ᠃ ᠦᠢᠯᠡᠳᠪᠦᠷᠢᠯᠡᠵᠦ | ᠡᠳ᠋ᠰᠢᠭᠦᠯᠬᠦ ᠵᠠᠩᠭᠢᠯᠠᠭ᠎ᠠ ᠶᠢᠨ ᠢᠳᠡᠭᠡᠨ ᠤ ᠠᠶᠤᠯ ᠦᠭᠡᠢ ᠶᠢᠨ ᠬᠠᠤᠯᠢ ᠴᠠᠭᠠᠵᠠ᠂ ᠬᠠᠤᠯᠢ ᠲᠣᠭᠲᠠᠭᠠᠯ᠂ ᠵᠢᠷᠤᠮᠵᠢᠯ | ᠵᠡᠷᠭᠡ ᠶᠢ ᠬᠢᠨᠠᠨ ᠵᠢᠯᠤᠭᠤᠳᠴᠤ ᠬᠡᠷᠡᠭᠵᠢᠭᠦᠯᠦᠨ᠎ᠡ᠃ ᠦᠢᠯᠡᠳᠪᠦᠷᠢᠯᠡᠯ ᠤᠨ ᠬᠦᠷᠢᠶᠡᠨ ᠤ ᠢᠳᠡᠭᠡᠨ ᠤ ᠠᠶᠤᠯ | ᠦᠭᠡᠢ ᠶᠢᠨ ᠪᠠᠶᠢᠳᠠᠯ ᠢ ᠵᠠᠳᠠᠯᠤᠨ ᠡᠵᠡᠮᠰᠢᠵᠦ᠂ ᠢᠳᠡᠭᠡᠨ ᠤ ᠦᠢᠯᠡᠳᠪᠦᠷᠢᠯᠡᠯ ᠳᠤ ᠬᠢᠨᠠᠯᠲᠠ ᠲᠠᠯᠪᠢᠵᠤ ᠬᠠᠮᠢᠶᠠᠷᠬᠤ ᠪᠠ | ᠢᠳᠡᠭᠡᠨ ᠦᠢᠯᠡᠳᠪᠦᠷᠢᠯᠡᠭᠴᠢ ᠶᠢᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠳᠦᠷᠢᠮ ᠤᠨ | ᠠᠷᠭ᠎ᠠ ᠬᠡᠮᠵᠢᠶ᠎ᠡ ᠶᠢ ᠲᠤᠭᠤᠷᠪᠢᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠬᠦ ᠬᠡᠷᠡᠭᠲᠡᠢ᠃ | ᠦᠢᠯᠡᠳᠪᠦᠷᠢᠯᠡᠵᠦ ᠡᠳ᠋ᠰᠢᠭᠦᠯᠬᠦ ᠵᠠᠩᠭᠢᠯᠠᠭ᠎ᠠ ᠶᠢᠨ ᠢᠳᠡᠭᠡᠨ ᠤ ᠠᠶᠤᠯ ᠦᠭᠡᠢ ᠶᠢᠨ ᠬᠢᠨᠠᠯᠲᠠ ᠬᠠᠮᠢᠶᠠᠷᠤᠯᠲᠠ ᠶᠢᠨ | ᠠᠵᠢᠯ ᠤᠨ ᠲᠥᠯᠥᠪᠯᠡᠭᠡ ᠶᠢ ᠲᠤᠭᠤᠷᠪᠢᠨ ᠲᠣᠭᠲᠠᠭᠠᠵᠤ᠂ ᠢᠳᠡᠭᠡᠨ ᠦᠢᠯᠡᠳᠪᠦᠷᠢᠯᠡᠬᠦ ᠠᠵᠤ ᠠᠬᠤᠶᠢᠯᠠᠯ ᠳᠤ ᠬᠢᠨᠠᠯᠲᠠ | ᠲᠠᠯᠪᠢᠵᠤ ᠪᠠᠶᠢᠴᠠᠭᠠᠬᠤ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠠᠵᠤ ᠠᠬᠤᠶᠢᠯᠠᠯ ᠢ ᠵᠢᠯᠣᠭᠤᠳᠤᠨ ᠢᠳᠡᠭᠡᠨ ᠤ | ᠠᠶᠤᠯ ᠦᠭᠡᠢ ᠶᠢᠨ ᠮᠥᠷᠳᠡᠵᠦ ᠪᠣᠯᠬᠤ ᠰᠢᠰᠲ᠋ᠧᠮᠵᠢ ᠶᠢ ᠪᠠᠶᠢᠭᠤᠯᠤᠨ ᠪᠦᠷᠢᠨᠰᠢᠭᠦᠯᠬᠦ ᠬᠡᠷᠡᠭᠲᠡᠢ᠃ ᠭᠦᠢᠯᠭᠡᠭᠡᠨ ᠤ | ᠬᠦᠷᠢᠶᠡᠨ ᠳᠠᠬᠢ ᠢᠳᠡᠭᠡᠨ ᠤ ᠠᠮᠤᠷ ᠲᠦᠪᠰᠢᠨ ᠤ ᠪᠠᠶᠢᠳᠠᠯ ᠢ ᠵᠠᠳᠠᠯᠤᠨ ᠡᠵᠡᠮᠰᠢᠵᠦ᠂ ᠢᠳᠡᠭᠡᠨ ᠤ ᠭᠦᠢᠯᠭᠡᠭᠡᠨ᠂ ᠵᠠᠬ᠎ᠠ | ᠳᠡᠯᠭᠡᠭᠦᠷ ᠤᠨ ᠪᠣᠷᠤᠯᠠᠭᠤᠯᠭ᠎ᠠ ᠶᠢᠨ ᠢᠳᠡᠰᠢᠨ ᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠳᠤ | ᠬᠢᠨᠠᠯᠲᠠ ᠲᠠᠯᠪᠢᠵᠤ ᠬᠠᠮᠢᠶᠠᠷᠬᠤ ᠪᠠ ᠢᠳᠡᠭᠡᠨ ᠡᠵᠡᠩᠨᠡᠭᠴᠢ ᠶᠢᠨ ᠭᠤᠣᠯ ᠴᠣᠭᠴᠠ ᠶᠢᠨ ᠬᠠᠷᠢᠭᠤᠴᠠᠯᠭ᠎ᠠ ᠶᠢ | ᠨᠠᠶᠢᠳᠠᠪᠤᠷᠢᠵᠢᠭᠤᠯᠬᠤ ᠳᠦᠷᠢᠮ ᠠᠷᠭ᠎ᠠ ᠬᠡᠮᠵᠢᠶ᠎ᠡ ᠶᠢ ᠲᠤᠭᠤᠷᠪᠢᠨ ᠲᠣᠭᠲᠠᠭᠠᠵᠤ᠂ ᠬᠢᠨᠠᠯᠲᠠ ᠲᠠᠯᠪᠢᠵᠤ ᠪᠠᠶᠢᠴᠠᠭᠠᠬᠤ | ᠠᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠬᠦ ᠶᠢᠨ ᠬᠠᠮᠲᠤ ᠵᠢᠯᠣᠭᠤᠳᠤᠨ ᠥᠷᠨᠢᠭᠦᠯᠦᠨ᠎ᠡ᠃ ᠡᠷᠡᠭᠦᠯᠵᠢᠯ ᠤᠨ | ᠢᠳᠡᠭᠡᠨ᠂ ᠣᠨᠴᠣᠭᠤᠢ ᠠᠨᠠᠭᠠᠬᠤ ᠤᠬᠠᠭᠠᠨ ᠤ ᠬᠡᠷᠡᠭᠴᠡᠭᠡᠲᠦ ᠨᠠᠶᠢᠷᠠᠯᠭ᠎ᠠ ᠲᠠᠢ ᠢᠳᠡᠭᠡᠨ ᠪᠣᠯᠣᠨ ᠨᠢᠯᠬ᠎ᠠ | ᠬᠡᠦᠬᠡᠳ ᠤᠨ ᠨᠠᠶᠢᠷᠠᠯᠭ᠎ᠠ ᠲᠠᠢ ᠰᠦᠨ ᠲᠠᠯᠬ᠎ᠠ ᠵᠡᠷᠭᠡ ᠣᠨᠴᠣᠭᠤᠢ ᠢᠳᠡᠭᠡᠨ ᠤ ᠬᠦᠷᠢᠶ᠎ᠡ ᠴᠠᠷᠠᠭ᠎ᠠ ᠶᠢᠨ ᠠᠮᠤᠷ | ᠲᠦᠪᠰᠢᠨ ᠤ ᠪᠠᠶᠢᠳᠠᠯ ᠢ ᠵᠠᠳᠠᠯᠤᠨ ᠡᠵᠡᠮᠰᠢᠵᠦ᠂ ᠢᠳᠡᠰᠢᠨ ᠤ ᠳᠠᠪᠤᠰᠤ ᠪᠣᠯᠣᠨ ᠣᠨᠴᠣᠭᠤᠢ ᠢᠳᠡᠭᠡᠨ ᠤ ᠬᠢᠨᠠᠯᠲᠠ | ᠬᠠᠮᠢᠶᠠᠷᠤᠯᠲᠠ ᠶᠢᠨ ᠠᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠢᠳᠡᠭᠡᠨ ᠤ ᠵᠦᠢᠯ ᠡᠮ ᠤᠨ | ᠦᠢᠯᠡᠳᠪᠦᠷᠢᠯᠡᠯ᠂ ᠡᠵᠡᠩᠨᠡᠯᠲᠡ ᠶᠢᠨ ᠶᠠᠰᠤ ᠴᠢᠨᠠᠷ ᠤᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢᠨ ᠠᠵᠢᠯ ᠢ | ᠵᠣᠬᠢᠶᠠᠨ ᠢᠳᠡᠭᠡᠨ ᠤᠮᠳᠠᠭᠠᠨ ᠤ ᠦᠢᠯᠡᠴᠢᠯᠡᠭᠡᠨ ᠤ ᠭᠤᠭᠴᠤᠭ᠎ᠠ ᠳᠠᠬᠢ ᠢᠳᠡᠭᠡᠨ ᠤ ᠠᠮᠤᠷ ᠲᠦᠪᠰᠢᠨ ᠤ | ᠪᠠᠶᠢᠳᠠᠯ ᠳᠤ ᠣᠷᠣᠰᠢᠵᠤ ᠪᠠᠶᠢᠭ᠎ᠠ ᠠᠰᠠᠭᠤᠳᠠᠯ ᠢ ᠵᠠᠳᠠᠯᠤᠨ ᠢᠳᠡᠭᠡᠨ ᠤᠮᠳᠠᠭᠠᠨ ᠤ ᠦᠢᠯᠡᠴᠢᠯᠡᠭᠡᠨ ᠤ | ᠭᠤᠭᠴᠤᠭ᠎ᠠ ᠳᠤ ᠬᠢᠨᠠᠯᠲᠠ ᠲᠠᠯᠪᠢᠵᠤ ᠬᠠᠮᠢᠶᠠᠷᠬᠤ ᠪᠠ ᠢᠳᠡᠭᠡᠨ ᠤᠮᠳᠠᠭᠠᠨ ᠤ ᠦᠢᠯᠡᠴᠢᠯᠡᠭᠡ ᠬᠠᠩᠭᠠᠭᠴᠢ ᠶᠢᠨ | ᠭᠤᠣᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠳᠦᠷᠢᠮ ᠠᠷᠭ᠎ᠠ ᠬᠡᠮᠵᠢᠶ᠎ᠡ ᠶᠢ ᠲᠤᠭᠤᠷᠪᠢᠨ | ᠲᠣᠭᠲᠠᠭᠠᠵᠤ᠂ ᠬᠢᠨᠠᠯᠲᠠ ᠲᠠᠯᠪᠢᠵᠤ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠬᠦ ᠶᠢᠨ ᠬᠠᠮᠲᠤ | ᠵᠢᠯᠣᠭᠤᠳᠤᠨ ᠥᠷᠨᠢᠭᠦᠯᠦᠨ᠎ᠡ᠃ ᠢᠳᠡᠭᠡᠨ ᠤᠮᠳᠠᠭᠠᠨ ᠤ ᠶᠠᠰᠤ ᠴᠢᠨᠠᠷ ᠠᠮᠤᠷ ᠲᠦᠪᠰᠢᠨ ᠢ ᠳᠡᠭᠡᠭᠰᠢᠯᠡᠭᠦᠯᠬᠦ | ᠠᠵᠢᠯᠯᠠᠭ᠎ᠠ ᠶᠢ ᠬᠡᠷᠡᠭᠵᠢᠭᠦᠯᠦᠨ᠎ᠡ᠃ ᠴᠢᠬᠤᠯᠠ ᠶᠡᠭᠡ ᠠᠵᠢᠯᠯᠠᠭ᠎ᠠ ᠶᠢᠨ ᠢᠳᠡᠭᠡᠨ ᠤ ᠠᠶᠤᠯ ᠦᠭᠡᠢ ᠶᠢᠨ | ᠪᠠᠲᠤᠯᠠᠭ᠎ᠠ ᠶᠢᠨ ᠠᠵᠢᠯ ᠢ ᠵᠣᠬᠢᠶᠠᠨ ᠪᠠᠶᠢᠭᠤᠯᠤᠨ ᠵᠢᠯᠣᠭᠤᠳᠤᠨ᠎ᠠ᠃ | ︵ᠳᠣᠯᠤᠭ᠎ᠠ︶ ᠡᠮ ᠤᠨ ᠵᠦᠢᠯ ᠭᠤᠶᠣᠯᠠᠯ ᠤᠨ ᠡᠳ᠋ ᠤᠨ ᠬᠢᠨᠠᠯᠲᠠ ᠬᠠᠮᠢᠶᠠᠷᠤᠯᠲᠠ ᠶᠢᠨ ᠲᠠᠰᠤᠭ ᠡᠮ ᠤᠨ | ᠵᠦᠢᠯ ᠵᠠᠰᠠᠯ ᠴᠢᠮᠡᠭ ᠤᠨ ᠬᠠᠮᠢᠶᠠᠷᠤᠯᠲᠠ ᠶᠢᠨ ᠬᠠᠤᠯᠢ ᠴᠠᠭᠠᠵᠠ ᠬᠠᠤᠯᠢ ᠲᠣᠭᠲᠠᠭᠠᠯ ᠢ ᠲᠤᠤᠱᠯᠠᠭᠤᠯᠤᠨ | ᠬᠡᠷᠡᠭᠵᠢᠭᠦᠯᠦᠨ᠎ᠡ᠃ ᠡᠮ ᠤᠨ ᠵᠦᠢᠯ ᠤᠨ ᠡᠵᠡᠩᠨᠡᠯᠲᠡ ᠶᠢᠨ ᠶᠠᠰᠤ ᠴᠢᠨᠠᠷ ᠤᠨ ᠬᠠᠮᠢᠶᠠᠷᠤᠯᠲᠠ ᠶᠢᠨ ᠡᠮ ᠤᠨ ᠵᠦᠢᠯ ᠢ | ᠵᠢᠵᠢᠭᠯᠡᠨ ᠬᠤᠳᠠᠯᠳᠤᠬᠤ᠂ ᠵᠠᠰᠠᠯ ᠴᠢᠮᠡᠭ ᠤᠨ ᠡᠳ᠋ ᠤᠨ ᠡᠵᠡᠩᠨᠡᠯᠲᠡ ᠵᠢᠴᠢ ᠡᠮ ᠤᠨ ᠵᠦᠢᠯ ᠢ ᠬᠡᠷᠡᠭᠯᠡᠬᠦ | ᠵᠠᠩᠭᠢᠯᠠᠭ᠎ᠠ ᠶᠢᠨ ᠶᠠᠰᠤ ᠴᠢᠨᠠᠷ ᠲᠤ ᠬᠢᠨᠠᠯᠲᠠ ᠲᠠᠯᠪᠢᠵᠤ ᠬᠠᠮᠢᠶᠠᠷᠬᠤ ᠶᠢ ᠵᠣᠬᠢᠶᠠᠨ ᠪᠠᠶᠢᠭᠤᠯᠬᠤ ᠪᠠ ᠵᠢᠯᠣᠭᠤᠳᠤᠨ | ᠥᠷᠨᠢᠭᠦᠯᠬᠦ ᠶᠢ ᠬᠠᠷᠢᠭᠤᠴᠠᠨ᠎ᠠ᠃ ᠡᠮ ᠤᠨ ᠵᠦᠢᠯ ᠤᠨ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠶᠢᠨ ᠪᠠᠶᠢᠳᠠᠯ ᠢ | ᠵᠠᠳᠠᠯᠤᠨ ᠰᠤᠳᠤᠯᠤᠨ ᠮᠠᠭᠠᠳᠯᠠᠵᠤ᠂ ᠣᠷᠣᠰᠢᠵᠤ ᠪᠠᠶᠢᠭ᠎ᠠ ᠠᠰᠠᠭᠤᠳᠠᠯ ᠳᠤ ᠠᠵᠢᠯ ᠤᠨ ᠰᠠᠨᠠᠭᠤᠯᠭ᠎ᠠ ᠳᠤᠷᠠᠳᠬᠤ ᠶᠢᠨ | ᠬᠠᠮᠲᠤ ᠦᠷᠭᠦᠯᠵᠢᠯᠡᠨ ᠰᠢᠢᠳᠪᠦᠷᠢᠯᠡᠬᠦ ᠠᠵᠢᠯ ᠳᠤ ᠣᠷᠣᠯᠴᠠᠨ᠎ᠠ᠃ ᠲᠣᠭᠲᠠᠮᠠᠯ ᠬᠤᠭᠤᠴᠠᠭ᠎ᠠ ᠲᠠᠢ ᠪᠤᠶᠤ | ᠲᠣᠬᠢᠶᠠᠯᠳᠤᠯ ᠢᠶᠠᠷ ᠡᠮ ᠤᠨ ᠵᠦᠢᠯ ᠤᠨ ᠵᠢᠵᠢᠭᠯᠡᠨ ᠬᠤᠳᠠᠯᠳᠤᠬᠤ᠂ ᠵᠠᠰᠠᠯ ᠴᠢᠮᠡᠭ ᠤᠨ ᠡᠳ᠋ ᠤᠨ ᠡᠵᠡᠩᠨᠡᠯᠲᠡ ᠵᠢᠴᠢ | ᠡᠮ ᠤᠨ ᠵᠦᠢᠯ ᠤᠨ ᠬᠡᠷᠡᠭᠯᠡᠯᠲᠡ ᠶᠢᠨ ᠬᠦᠷᠢᠶ᠎ᠡ ᠴᠠᠷᠠᠭ᠎ᠠ ᠶᠢᠨ ᠠᠮᠤᠷ ᠲᠦᠪᠰᠢᠨ ᠳᠤ ᠬᠠᠤᠯᠢ ᠶᠣᠰᠣᠴᠢ ᠴᠢᠨᠠᠷ᠂ | ᠲᠣᠭᠲᠠᠭᠠᠯ ᠳᠤ ᠨᠡᠶᠢᠴᠡᠬᠦ ᠴᠢᠨᠠᠷ ᠤᠨ ᠪᠠᠶᠢᠴᠠᠭᠠᠯᠲᠠ ᠬᠢᠬᠦ ᠶᠢ ᠵᠣᠬᠢᠶᠠᠨ ᠡᠮ ᠤᠨ ᠵᠦᠢᠯ ᠤᠨ ᠡᠵᠡᠩᠨᠡᠯᠲᠡ ᠶᠢᠨ ᠶᠠᠰᠤ | ᠴᠢᠨᠠᠷ ᠤᠨ ᠬᠠᠮᠢᠶᠠᠷᠤᠯᠲᠠ ᠶᠢᠨ ᠡᠮ ᠤᠨ ᠵᠦᠢᠯ ᠤᠨ ᠡᠵᠡᠩᠨᠡᠯᠲᠡ ᠶᠢᠨ ᠬᠦᠷᠢᠶ᠎ᠡ ᠴᠠᠷᠠᠭ᠎ᠠ ᠳᠠᠬᠢ ᠡᠮ ᠤᠨ ᠵᠦᠢᠯ ᠢ | ᠲᠥᠷᠥᠯ ᠬᠤᠪᠢᠶᠠᠨ ᠬᠠᠮᠢᠶᠠᠷᠬᠤ ᠳᠦᠷᠢᠮ ᠢ ᠬᠢᠲᠠᠳ ᠡᠮ ᠤᠨ ᠳᠦᠷᠦᠯ ᠵᠦᠢᠯ ᠢ ᠬᠠᠮᠠᠭᠠᠯᠠᠬᠤ ᠳᠦᠷᠢᠮ ᠢ | ᠬᠡᠷᠡᠭᠵᠢᠭᠦᠯᠬᠦ ᠳᠤ ᠬᠢᠨᠠᠯᠲᠠ ᠲᠠᠯᠪᠢᠨ᠎ᠠ᠃ ᠮᠣᠩᠭᠤᠯ ᠡᠮ ᠤᠨ ᠡᠵᠡᠩᠨᠡᠯᠲᠡ ᠬᠡᠷᠡᠭᠯᠡᠯᠲᠡ ᠶᠢᠨ ᠭᠤᠭᠴᠤᠭ᠎ᠠ ᠳᠤ | ᠬᠢᠨᠠᠯᠲᠠ ᠲᠠᠯᠪᠢᠵᠤ ᠬᠠᠮᠢᠶᠠᠷᠬᠤ ᠶᠢ ᠬᠠᠷᠢᠭᠤᠴᠠᠨ᠎ᠠ᠃ ᠤᠯᠤᠰ᠂ ᠥᠪᠡᠷᠲᠡᠭᠡᠨ ᠵᠠᠰᠠᠬᠤ ᠣᠷᠣᠨ ᠲᠠᠢ ᠬᠠᠮᠵᠢᠯᠴᠠᠨ | ᠭᠦᠢᠯᠭᠡᠭᠡᠨ ᠤ ᠭᠤᠭᠴᠤᠭ᠎ᠠ ᠳᠤ ᠤᠯᠤᠰ ᠤᠨ ᠦᠨᠳᠦᠰᠦᠨ ᠡᠮ ᠤᠨ ᠵᠦᠢᠯ ᠤᠨ ᠳᠦᠷᠢᠮ ᠢ ᠬᠡᠷᠡᠭᠵᠢᠭᠦᠯᠦᠨ᠎ᠡ᠃ | ᠡᠮ ᠤᠨ ᠵᠦᠢᠯ᠂ ᠵᠠᠰᠠᠯ ᠴᠢᠮᠡᠭᠯᠡᠯ ᠤᠨ ᠡᠳ᠋ ᠤᠨ ᠭᠠᠵᠠᠷ ᠣᠷᠣᠨ ᠠᠯᠤᠰᠯᠠᠨ ᠰᠠᠯᠠᠭ᠎ᠠ ᠮᠥᠴᠢᠷ ᠠᠯᠤᠰᠯᠠᠨ | ᠵᠣᠬᠢᠴᠠᠭᠤᠯᠵᠤ ᠬᠠᠮᠲᠤᠷᠠᠨ ᠬᠥᠳᠡᠯᠦᠯᠴᠡᠬᠦ ᠲᠣᠭᠲᠠᠴᠠ ᠵᠡᠷᠭᠡ ᠠᠵᠢᠯ ᠢ ᠡᠭᠦᠷᠭᠡᠯᠡᠨ᠎ᠡ᠃ ᠡᠮ ᠤᠨ ᠵᠦᠢᠯ᠂ ᠵᠠᠰᠠᠯ | ᠴᠢᠮᠡᠭ ᠤᠨ ᠡᠳ᠋ ᠤᠨ ᠦᠨᠡᠯᠡᠯᠲᠡ ᠶᠢᠨ ᠴᠢᠨᠠᠷᠲᠠᠢ ᠰᠤᠭᠤᠴᠢᠨ ᠪᠠᠶᠢᠴᠠᠭᠠᠬᠤ᠂ ᠲᠦᠭᠰᠢᠭᠦᠷᠢ ᠶᠢ ᠤᠷᠢᠳᠴᠢᠯᠠᠨ | ᠰᠡᠷᠡᠮᠵᠢᠯᠡᠭᠦᠯᠬᠦ ᠪᠠ ᠲᠦᠭᠰᠢᠭᠦᠷᠢ ᠶᠢᠨ ᠰᠣᠯᠢᠯᠴᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠲᠦᠭᠰᠢᠭᠦᠷᠢ ᠶᠢ | ᠬᠢᠨᠠᠨ ᠬᠡᠮᠵᠢᠬᠦ ᠠᠵᠢᠯ ᠢ ᠡᠭᠦᠷᠭᠡᠯᠡᠨ᠎ᠡ᠃ | ︵ᠨᠠᠢᠮᠠ︶ ᠣᠨᠴᠠ ᠲᠥᠷᠥᠯ ᠤᠨ ᠲᠥᠬᠦᠭᠡᠷᠦᠮᠵᠢ ᠶᠢᠨ ᠠᠮᠤᠷ ᠲᠦ᠋ᠪᠰᠢᠨ ᠢ ᠬᠢᠨᠠᠨ ᠪᠠᠶᠢᠴᠠᠭᠠᠬᠤ ᠭᠡᠷ᠃ ᠤᠳᠠ | ᠲᠣᠭᠤᠷᠢᠭ ᠤᠨ ᠣᠨᠴᠠ ᠲᠥᠷᠥᠯ ᠤᠨ ᠲᠥᠬᠦᠭᠡᠷᠦᠮᠵᠢ ᠶᠢᠨ ᠠᠮᠤᠷ ᠲᠦᠪᠰᠢᠨ ᠳᠤ ᠬᠢᠨᠠᠯᠲᠠ ᠲᠠᠯᠪᠢᠵᠤ | ᠬᠠᠮᠢᠶᠠᠷᠬᠤ ᠶᠢ ᠬᠡᠷᠡᠭᠵᠢᠭᠦᠯᠵᠦ᠂ ᠡᠨᠧᠷᠭᠢ ᠶᠢᠨ ᠬᠤᠷᠣᠭᠳᠠᠯ ᠶᠡᠬᠡᠲᠡᠶ ᠣᠨᠴᠠ ᠲᠥᠷᠥᠯ ᠤᠨ ᠲᠥᠬᠦᠭᠡᠷᠦᠮᠵᠢ ᠶᠢᠨ | ᠡᠨᠧᠷᠭᠢ ᠠᠷᠪᠢᠯᠠᠬᠤ ᠪᠠᠷᠢᠮᠵᠢᠶ᠎ᠠ᠂ ᠵᠤᠤᠬ᠎ᠠ ᠶᠢᠨ ᠣᠷᠴᠢᠨ ᠲᠣᠭᠤᠷᠢᠨ ᠤ ᠬᠠᠮᠠᠭᠠᠯᠠᠯᠲᠠ ᠶᠢᠨ ᠪᠠᠷᠢᠮᠵᠢᠶ᠎ᠠ ᠶᠢ | ᠬᠡᠷᠡᠭᠵᠢᠭᠦᠯᠵᠦ ᠪᠠᠶᠢᠭ᠎ᠠ ᠪᠠᠶᠢᠳᠠᠯ ᠳᠤ ᠬᠢᠨᠠᠯᠲᠠ ᠲᠠᠯᠪᠢᠨ ᠪᠠᠶᠢᠴᠠᠭᠠᠯᠲᠠ ᠬᠢᠨ᠎ᠡ᠃ ᠡᠷᠬᠡ ᠮᠡᠳᠡᠯ ᠢᠶᠠᠷ ᠢᠶᠠᠨ ᠣᠨᠴᠠ | ᠲᠥᠷᠥᠯ ᠤᠨ ᠲᠥᠬᠦᠭᠡᠷᠦᠮᠵᠢ ᠶᠢᠨ ᠠᠳᠡᠯ ᠢ ᠵᠣᠬᠢᠶᠠᠨ ᠪᠠᠶᠢᠭᠤᠯᠤᠨ ᠪᠠᠶᠢᠴᠠᠭᠠᠨ ᠰᠢᠢᠳᠪᠦᠷᠢᠯᠡᠬᠦ ᠶᠢᠨ ᠬᠠᠮᠲᠤ | ᠪᠦᠷᠢᠳᠬᠡᠨ ᠵᠠᠳᠠᠯᠤᠨ᠎ᠠ᠃ ᠣᠨᠴᠠ ᠲᠥᠷᠥᠯ ᠤᠨ ᠲᠣᠨᠤᠭ ᠲᠥᠬᠦᠭᠡᠷᠦᠮᠵᠢ ᠶᠢ ᠪᠠᠶᠢᠴᠠᠭᠠᠨ ᠰᠢᠯᠭᠠᠵᠤ ᠪᠠᠶᠢᠴᠠᠭᠠᠨ | ᠬᠡᠮᠵᠢᠬᠦ ᠪᠠᠶᠢᠭᠤᠯᠤᠮᠵᠢ᠂ ᠪᠠᠶᠢᠴᠠᠭᠠᠨ ᠰᠢᠯᠭᠠᠵᠤ ᠪᠠᠶᠢᠴᠠᠭᠠᠨ ᠬᠡᠮᠵᠢᠬᠦ ᠠᠵᠢᠯᠲᠠᠨ ᠪᠠ ᠣᠨᠴᠠ ᠲᠥᠷᠥᠯ ᠤᠨ ᠲᠣᠨᠤᠭ | ᠲᠥᠬᠦᠭᠡᠷᠦᠮᠵᠢ ᠶᠢ ᠠᠵᠢᠯᠯᠠᠭᠰᠠᠳ ᠢ ᠬᠢᠨᠠᠨ ᠬᠠᠮᠢᠶᠠᠷᠤᠨ᠎ᠠ᠃ ᠣᠨᠴᠠ ᠲᠥᠷᠥᠯ ᠤᠨ ᠲᠣᠨᠤᠭ ᠲᠥᠬᠦᠭᠡᠷᠦᠮᠵᠢ ᠶᠢᠨ | ᠠᠮᠤᠷ ᠲᠦᠪᠰᠢᠨ ᠤ ᠰᠢᠨᠵᠢᠯᠡᠬᠦ ᠤᠬᠠᠭᠠᠨ ᠮᠡᠷᠭᠡᠵᠢᠯ ᠤᠨ ᠰᠤᠳᠤᠯᠭᠠᠨ ᠢ ᠠᠬᠢᠭᠤᠯᠬᠤ ᠶᠢᠨ ᠬᠠᠮᠲᠤ ᠳᠡᠯᠭᠡᠷᠡᠭᠦᠯᠦᠨ | ᠬᠡᠷᠡᠭᠯᠡᠨ᠎ᠡ᠃ | ︵ᠶᠢᠰᠦ︶ ᠦᠢᠯᠡᠳᠭᠦᠨ ᠤ ᠶᠠᠰᠤ ᠴᠢᠨᠠᠷ ᠤᠨ ᠪᠠᠷᠢᠮᠵᠢᠶ᠎ᠠ ᠬᠡᠮᠵᠢᠯᠲᠡ ᠶᠢᠨ ᠬᠢᠨᠠᠨ ᠬᠠᠮᠢᠶᠠᠷᠬᠤ ᠲᠠᠰᠤᠭ᠃ ᠶᠠᠰᠤ | ᠴᠢᠨᠠᠷ ᠢᠶᠠᠷ ᠣᠷᠣᠨ ᠢᠶᠠᠨ ᠬᠦᠴᠦᠷᠬᠡᠭᠵᠢᠭᠦᠯᠬᠦ ᠪᠠᠶᠢᠯᠳᠤᠬᠤ ᠪᠣᠳᠣᠯᠭ᠎ᠠ ᠪᠠ ᠶᠠᠰᠤ ᠴᠢᠨᠠᠷ ᠢ ᠳᠡᠭᠡᠭᠰᠢᠯᠡᠭᠦᠯᠬᠦ ᠠᠵᠢᠯ ᠢ | ᠠᠬᠢᠭᠤᠯᠬᠤ ᠠᠷᠭ᠎ᠠ ᠬᠡᠮᠵᠢᠶ᠎ᠡ ᠶᠢ ᠲᠤᠭᠤᠷᠪᠢᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ | ᠶᠠᠰᠤ ᠴᠢᠨᠠᠷ ᠤᠨ ᠰᠠᠭᠤᠷᠢ ᠪᠡᠯᠡᠳᠬᠡᠮᠵᠢ ᠶᠢᠨ ᠬᠠᠮᠵᠢᠯᠴᠠᠨ ᠦᠢᠯᠡᠴᠢᠯᠡᠬᠦ ᠵᠢᠴᠢ ᠬᠡᠷᠡᠭᠯᠡᠭᠡᠨ ᠤ ᠲᠥᠯᠥᠪᠵᠢᠭᠦᠯᠭᠡ ᠶᠢ | ᠲᠤᠭᠤᠷᠪᠢᠨ ᠲᠣᠭᠲᠠᠭᠠᠨ᠎ᠠ᠃ ᠶᠠᠰᠤ ᠴᠢᠨᠠᠷ ᠤᠨ ᠤᠷᠮᠠᠰᠢᠭᠤᠯᠬᠤ ᠳᠦᠷᠢᠮ ᠤᠨ ᠠᠷᠭ᠎ᠠ ᠬᠡᠮᠵᠢᠶ᠎ᠡ ᠶᠢ | ᠲᠡᠭᠦᠯᠳᠡᠷᠵᠢᠭᠦᠯᠬᠦ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠨᠡᠷᠡᠲᠦ ᠲᠥᠷᠥᠯ ᠲᠡᠮᠳᠡᠭᠲᠦ ᠶᠢᠨ | ᠪᠠᠶᠢᠭᠤᠯᠤᠯᠲᠠ ᠶᠢ ᠠᠬᠢᠭᠤᠯᠤᠨ᠎ᠠ᠃ ᠦᠢᠯᠡᠳᠬᠦᠨ ᠤ ᠶᠠᠰᠤ ᠴᠢᠨᠠᠷ ᠤᠨ ᠠᠶᠤᠯ ᠦᠭᠡᠶ ᠶᠢᠨ ᠠᠳᠡᠯ ᠢ ᠠᠯᠪᠠᠳᠠᠨ | ᠮᠡᠳᠡᠭᠦᠯᠬᠦ ᠳᠦᠷᠢᠮ᠂ ᠡᠮᠵᠡᠭ ᠲᠠᠢ ᠦᠢᠯᠡᠳᠬᠦᠨ ᠢ ᠡᠭᠡᠭᠦᠯᠦᠨ ᠪᠤᠴᠠᠭᠠᠬᠤ ᠳᠦᠷᠢᠮ ᠢ ᠨᠠᠶᠢᠳᠠᠪᠤᠷᠢᠵᠢᠭᠤᠯᠤᠨ᠂ | ᠪᠠᠷᠢᠯᠭ᠎ᠠ ᠶᠢᠨ ᠲᠥᠬᠦᠭᠡᠷᠦᠮᠵᠢ ᠶᠢᠨ ᠶᠠᠰᠤ ᠴᠢᠨᠠᠷ ᠤᠨ ᠬᠢᠨᠠᠯᠲᠠ ᠬᠠᠮᠢᠶᠠᠷᠤᠯᠲᠠ ᠪᠣᠯᠤᠨ ᠦᠢᠯᠡᠳᠬᠦᠨ ᠤ ᠬᠤᠳᠠᠯ | ᠬᠠᠭᠤᠷᠮᠠᠭ ᠢ ᠰᠡᠷᠭᠡᠶᠢᠯᠡᠬᠦ ᠠᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠦᠢᠯᠡᠴᠢᠯᠡᠭᠡᠨ ᠤ ᠶᠠᠰᠤ ᠴᠢᠨᠠᠷ ᠤᠨ | ᠬᠢᠨᠠᠯᠲᠠ ᠲᠠᠯᠪᠢᠵᠤ ᠬᠢᠨᠠᠨ ᠰᠢᠯᠭᠠᠬᠤ ᠪᠠ ᠶᠠᠰᠤ ᠴᠢᠨᠠᠷ ᠤᠨ ᠪᠠᠶᠢᠳᠠᠯ ᠳᠤ ᠵᠠᠳᠠᠯᠤᠯᠲᠠ ᠬᠢᠬᠦ ᠶᠢ ᠥᠷᠨᠢᠭᠦᠯᠵᠦ᠂ ᠶᠠᠰᠤ | ᠴᠢᠨᠠᠷ ᠤᠨ ᠠᠳᠡᠯ ᠢ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠤᠨ᠎ᠠ᠃ ᠤᠳᠠ ᠲᠣᠭᠤᠷᠢᠭ ᠤᠨ ᠭᠤᠣᠯᠳᠠᠯᠭ᠎ᠠ ᠲᠠᠢ | ᠬᠢᠨᠠᠯᠲᠠ ᠲᠠᠯᠪᠢᠬᠤ ᠦᠢᠯᠡᠳᠬᠦᠨ ᠤ ᠭᠠᠷᠴᠠᠭ ᠢ ᠲᠤᠭᠤᠷᠪᠢᠨ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ | ᠬᠡᠷᠡᠭᠵᠢᠭᠦᠯᠦᠨ᠎ᠡ᠃ ᠦᠢᠯᠡᠳᠬᠦᠨ ᠤ ᠶᠠᠰᠤ ᠴᠢᠨᠠᠷ ᠲᠤ ᠬᠢᠨᠠᠯᠲᠠ ᠲᠠᠯᠪᠢᠵᠤ ᠰᠤᠭᠤᠴᠢᠨ ᠪᠠᠶᠢᠴᠠᠭᠠᠬᠤ᠂ ᠰᠤᠭᠤᠴᠢᠨ | ᠪᠠᠶᠢᠴᠠᠭᠠᠬᠤ᠂ ᠲᠦᠭᠰᠢᠭᠦᠷᠢ ᠶᠢ ᠬᠢᠨᠠᠨ ᠡᠵᠡᠮᠳᠡᠬᠦ ᠪᠠ ᠲᠥᠷᠥᠯ ᠬᠤᠪᠢᠶᠠᠨ ᠬᠢᠨᠠᠨ ᠬᠠᠮᠢᠶᠠᠷᠬᠤ ᠠᠵᠢᠯ ᠢ ᠡᠭᠦᠷᠭᠡᠯᠡᠨ᠎ᠡ᠃ | ᠦᠢᠯᠡᠳᠬᠦᠨ ᠤ ᠶᠠᠰᠤ ᠴᠢᠨᠠᠷ ᠤᠨ ᠠᠵᠢᠯ ᠲᠥᠷᠥᠯ ᠤᠨ ᠴᠢᠨᠠᠷᠲᠠᠶ᠂ ᠲᠤᠰᠬᠠᠶ ᠮᠡᠷᠭᠡᠵᠢᠯ ᠤᠨ ᠴᠢᠨᠠᠷᠲᠠᠶ ᠬᠢᠨᠠᠯᠲᠠ | ᠲᠠᠯᠪᠢᠬᠤ ᠶᠢ ᠵᠢᠯᠣᠭᠤᠳᠤᠨ ᠵᠣᠬᠢᠴᠠᠭᠤᠯᠤᠨ᠎ᠠ᠃ ᠪᠦᠬᠦ ᠲᠤᠭᠤᠷᠢᠭ ᠤᠨ ᠠᠵᠤ ᠦᠢᠯᠡᠳᠪᠦᠷᠢ ᠶᠢᠨ ᠦᠢᠯᠡᠳᠬᠦᠨ | ᠦᠢᠯᠡᠳᠪᠦᠷᠢᠯᠡᠬᠦ ᠵᠥᠪᠰᠢᠶᠡᠷᠡᠯ ᠤᠨ ᠦᠨᠡᠮᠯᠡᠯ ᠳᠤ ᠬᠢᠨᠠᠯᠲᠠ ᠲᠠᠯᠪᠢᠵᠤ ᠪᠠᠶᠢᠴᠠᠭᠠᠬᠤ᠂ ᠢᠳᠡᠭᠡᠨ ᠤ ᠬᠠᠮᠢᠶ᠎ᠠ ᠪᠦᠬᠦᠢ | ᠦᠢᠯᠡᠳᠬᠦᠨ ᠤ ᠶᠠᠰᠤ ᠴᠢᠨᠠᠷ ᠤᠨ ᠠᠶᠤᠯ ᠦᠭᠡᠶ ᠶᠢᠨ ᠬᠢᠨᠠᠯᠲᠠ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃ | ᠬᠥᠪᠥᠩ ᠵᠡᠷᠭᠡ ᠰᠢᠷᠬᠡᠭ ᠤᠨ ᠶᠠᠰᠤ ᠴᠢᠨᠠᠷ ᠲᠤ ᠬᠢᠨᠠᠯᠲᠠ ᠲᠠᠯᠪᠢᠬᠤ ᠠᠵᠢᠯ ᠢ ᠡᠭᠦᠷᠭᠡᠯᠡᠨ᠎ᠡ᠃ ᠬᠤᠳᠠᠯ ᠬᠠᠭᠤᠷᠮᠠᠭ | ᠮᠠᠭᠤ ᠲᠠᠸᠠᠷ ᠦᠢᠯᠡᠳᠴᠦ ᠪᠣᠷᠣᠯᠠᠭᠤᠯᠬᠤ ᠦᠢᠯᠡ ᠠᠵᠢᠯᠯᠠᠭ᠎ᠠ ᠶᠢ ᠪᠠᠶᠢᠴᠠᠭᠠᠨ ᠰᠢᠢᠳᠪᠦᠷᠢᠯᠡᠬᠦ ᠶᠢ ᠵᠣᠬᠢᠶᠠᠨ | ᠪᠠᠶᠢᠭᠤᠯᠵᠤ ᠵᠢᠯᠣᠭᠤᠳᠤᠨ᠎ᠠ᠃ ᠦᠢᠯᠡᠳᠬᠦᠨ ᠤ ᠶᠠᠰᠤ ᠴᠢᠨᠠᠷ ᠲᠤ ᠬᠢᠨᠠᠯᠲᠠ ᠲᠠᠯᠪᠢᠬᠤ ᠶᠢ ᠥᠷᠨᠢᠭᠦᠯᠦᠨ᠎ᠡ᠃ | ᠬᠠᠤᠯᠢ ᠪᠠᠷ ᠲᠣᠭᠲᠠᠭᠠᠭᠰᠠᠨ ᠬᠡᠮᠵᠢᠭᠦᠷ ᠤᠨ ᠨᠢᠭᠡᠴᠢ ᠪᠠ ᠤᠯᠤᠰ ᠤᠨ ᠬᠡᠮᠵᠢᠭᠦᠷ ᠤᠨ ᠲᠦᠷᠢᠮ ᠢ ᠬᠡᠷᠡᠭᠵᠢᠭᠦᠯᠵᠦ᠂ | ᠬᠡᠮᠵᠢᠭᠦᠷ ᠤᠨ ᠪᠠᠷᠢᠮᠵᠢᠶ᠎ᠠ᠂ ᠬᠡᠮᠵᠢᠭᠦᠷ ᠤᠨ ᠪᠠᠷᠢᠮᠵᠢᠶᠠᠲᠤ ᠪᠣᠳᠠᠰ ᠪᠠ ᠬᠡᠮᠵᠢᠯᠲᠡ ᠶᠢᠨ ᠪᠠᠭᠠᠵᠢ ᠬᠡᠷᠡᠭᠰᠡᠯ ᠤᠨ | ᠬᠠᠮᠢᠶᠠᠷᠤᠯᠲᠠ ᠶᠢᠨ ᠠᠵᠢᠯ ᠢ ᠡᠭᠦᠷᠭᠡᠯᠡᠵᠦ᠂ ᠬᠡᠮᠵᠢᠭᠳᠡᠬᠦᠨ ᠢ ᠳᠠᠮᠵᠢᠭᠤᠯᠵᠤ ᠡᠬᠢ ᠡᠭᠦᠰᠦᠯ ᠢ ᠨᠢ ᠡᠷᠢᠬᠦ ᠪᠠ | ᠬᠡᠮᠵᠢᠬᠦ ᠶᠢ ᠬᠠᠷᠢᠴᠠᠭᠤᠯᠬᠤ ᠠᠵᠢᠯ ᠢ ᠵᠣᠬᠢᠶᠠᠨ ᠪᠠᠶᠢᠭᠤᠯᠤᠨ᠎ᠠ᠃ ᠤᠳᠠ ᠲᠣᠭᠤᠷᠢᠭ ᠤᠨ ᠬᠡᠮᠵᠢᠯᠲᠡ ᠶᠢᠨ | ᠮᠡᠷᠭᠡᠵᠢᠯ ᠤᠨ ᠵᠢᠷᠤᠮᠵᠢᠯ ᠤᠨ ᠰᠢᠰᠲ᠋ᠧᠮ ᠢ ᠪᠠᠶᠢᠭᠤᠯᠬᠤ ᠵᠢᠴᠢ ᠵᠣᠬᠢᠶᠠᠨ ᠪᠠᠶᠢᠭᠤᠯᠵᠤ ᠬᠡᠷᠡᠭᠵᠢᠭᠦᠯᠬᠦ ᠠᠵᠢᠯ ᠢ | ᠡᠭᠦᠷᠭᠡᠯᠡᠨ᠎ᠡ᠃ ᠲᠠᠸᠠᠷ ᠤᠨ ᠬᠡᠮᠵᠢᠶ᠎ᠡ᠂ ᠵᠠᠬ᠎ᠠ ᠳᠡᠯᠭᠡᠭᠦᠷ ᠤᠨ ᠬᠡᠮᠵᠢᠯᠲᠡ ᠶᠢᠨ ᠠᠵᠢᠯᠯᠠᠭ᠎ᠠ᠂ ᠬᠡᠮᠵᠢᠯᠲᠡ ᠶᠢᠨ | ᠬᠥᠨᠳᠡᠯᠡᠨ ᠠᠴᠠ ᠲᠠᠰᠤᠯᠬᠤ ᠶᠢ ᠰᠢᠯᠭᠠᠨ ᠲᠣᠭᠲᠠᠭᠠᠬᠤ ᠪᠠ ᠬᠡᠮᠵᠢᠯᠲᠡ ᠶᠢᠨ ᠮᠡᠷᠭᠡᠵᠢᠯ ᠤᠨ ᠪᠠᠶᠢᠭᠤᠯᠤᠮᠵᠢ ᠵᠢᠴᠢ | ᠠᠵᠢᠯᠲᠠᠨ ᠳᠤ ᠬᠢᠨᠠᠯᠲᠠ ᠲᠠᠯᠪᠢᠵᠤ ᠬᠠᠮᠢᠶᠠᠷᠬᠤ ᠠᠵᠢᠯ ᠢ ᠡᠭᠦᠷᠭᠡᠯᠡᠨ᠎ᠡ᠃ ᠬᠡᠮᠵᠢᠯᠲᠡ ᠶᠢᠨ ᠳ᠋ᠠᠶᠢᠲ᠋ᠠ ᠶᠢᠨ | ᠬᠡᠷᠡᠭᠯᠡᠯᠲᠡ ᠶᠢ ᠵᠢᠷᠤᠮᠵᠢᠭᠤᠯᠤᠨ᠎ᠠ᠃ ᠪᠠᠷᠢᠮᠵᠢᠶᠠᠵᠢᠭᠤᠯᠬᠤ ᠠᠵᠢᠯ ᠤᠨ ᠨᠢᠭᠡᠳᠦᠯᠲᠡᠶ ᠬᠠᠮᠢᠶᠠᠷᠤᠯᠲᠠ ᠶᠢ ᠬᠠᠷᠢᠭᠤᠴᠠᠨ᠎ᠠ᠃ | ᠪᠠᠷᠢᠮᠵᠢᠶ᠎ᠠ ᠶᠢ ᠵᠣᠬᠢᠶᠠᠨ ᠪᠠᠶᠢᠭᠤᠯᠤᠨ ᠲᠣᠭᠲᠠᠭᠠᠬᠤ᠂ ᠳ᠋ᠤᠭᠠᠷᠯᠠᠬᠤ᠂ ᠨᠡᠶᠢᠲᠡᠯᠡᠬᠦ᠂ ᠬᠢᠨᠠᠯᠲᠠ ᠲᠠᠯᠪᠢᠬᠤ ᠵᠡᠷᠭᠡ ᠠᠵᠢᠯ ᠢ | ᠡᠭᠦᠷᠭᠡᠯᠡᠵᠦ᠂ ᠪᠦᠯᠬᠦᠮ ᠤᠨ ᠪᠠᠷᠢᠮᠵᠢᠶ᠎ᠠ᠂ ᠠᠵᠤ ᠠᠬᠤᠶᠢᠯᠠᠯ ᠤᠨ ᠪᠠᠷᠢᠮᠵᠢᠶ᠎ᠠ ᠲᠣᠭᠲᠠᠭᠠᠬᠤ ᠠᠵᠢᠯ ᠢ ᠵᠣᠬᠢᠴᠠᠭᠤᠯᠤᠨ | ᠵᠢᠯᠣᠭᠤᠳᠤᠨ᠎ᠠ᠃ ᠪᠠᠷᠢᠮᠵᠢᠶᠠᠵᠢᠭᠤᠯᠬᠤ ᠲᠤᠷᠰᠢᠯᠲᠠ ᠶᠢᠨ ᠴᠢᠭ ᠤᠨ ᠵᠢᠱᠢᠶ᠎ᠡ ᠦᠵᠡᠭᠦᠯᠬᠦ ᠠᠵᠢᠯ ᠢ ᠵᠣᠬᠢᠶᠠᠨ | ᠪᠠᠶᠢᠭᠤᠯᠤᠨ ᠥᠷᠨᠢᠭᠦᠯᠦᠨ᠎ᠡ᠃ ᠨᠢᠭᠡᠳᠦᠯᠲᠡᠶ ᠨᠡᠶᠢᠭᠡᠮ ᠤᠨ ᠢᠲᠡᠭᠡᠮᠵᠢ ᠶᠢᠨ ᠣᠷᠣᠯᠠᠬᠤ ᠲᠡᠮᠳᠡᠭ᠂ ᠲᠠᠸᠠᠷ ᠤᠨ | ᠵᠢᠷᠤᠭᠠᠰᠤᠨ ᠲᠡᠮᠳᠡᠭ ᠵᠢᠴᠢ ᠢᠯᠭᠠᠬᠤ ᠬᠠᠮᠢᠶᠠᠷᠤᠯᠲᠠ ᠶᠢᠨ ᠠᠵᠢᠯ ᠢ ᠡᠭᠦᠷᠭᠡᠯᠡᠨ᠎ᠡ᠃ ᠪᠠᠷᠢᠮᠵᠢᠶᠠᠵᠢᠭᠤᠯᠤᠨ | ᠵᠣᠬᠢᠴᠠᠭᠤᠯᠬᠤ ᠲᠣᠭᠲᠠᠴᠠ ᠶᠢᠨ ᠡᠳᠦᠷ ᠲᠤᠲᠤᠮ ᠤᠨ ᠠᠵᠢᠯ ᠢ ᠬᠠᠷᠢᠭᠤᠴᠠᠨ᠎ᠠ᠃ ᠤᠳᠠ ᠲᠣᠭᠤᠷᠢᠭ ᠤᠨ ᠭᠡᠷᠡᠴᠢᠯᠡᠯ | ᠬᠢᠭᠡᠳ ᠪᠠᠶᠢᠴᠠᠭᠠᠨ ᠰᠢᠯᠭᠠᠵᠤ ᠪᠠᠶᠢᠴᠠᠭᠠᠨ ᠰᠢᠨᠵᠢᠬᠦ ᠬᠢᠨᠠᠯᠲᠠ ᠬᠠᠮᠢᠶᠠᠷᠤᠯᠲᠠ ᠶᠢᠨ ᠲᠦᠷᠢᠮ᠂ ᠠᠵᠢᠯ ᠤᠨ | ᠲᠥᠯᠥᠪᠵᠢᠭᠦᠯᠭᠡ᠂ ᠲᠥᠯᠥᠪᠯᠡᠭᠡ ᠶᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠰᠠᠶᠢᠨ ᠳᠤᠷ᠎ᠠ ᠶᠢᠨ ᠴᠢᠨᠠᠷᠲᠠᠶ | ᠭᠡᠷᠡᠴᠢᠯᠡᠬᠦ ᠪᠠ ᠠᠯᠪᠠᠳᠠᠯᠭ᠎ᠠ ᠶᠢᠨ ᠴᠢᠨᠠᠷᠲᠠᠶ ᠦᠢᠯᠡᠳᠭᠦᠨ ᠤ ᠭᠡᠷᠡᠴᠢᠯᠡᠬᠦ ᠠᠵᠢᠯ ᠢ ᠬᠢᠨᠠᠨ ᠬᠠᠮᠢᠶᠠᠷᠤᠨ᠎ᠠ᠃ | ᠭᠡᠷᠡᠴᠢᠯᠡᠯ ᠤᠨ ᠪᠠᠶᠢᠴᠠᠭᠠᠨ ᠰᠢᠯᠭᠠᠬᠤ ᠠᠵᠢᠯ ᠲᠥᠷᠥᠯ ᠤᠨ ᠬᠥᠭᠵᠢᠯᠲᠡ ᠶᠢ ᠨᠢᠭᠡᠳᠦᠯᠲᠡᠶ ᠲᠥᠯᠥᠪᠯᠡᠨ᠎ᠡ᠃ ᠬᠠᠷᠢᠶ᠎ᠠ | ᠣᠷᠣᠨ ᠤ ᠳᠣᠲᠣᠷᠠᠬᠢ ᠰᠢᠯᠭᠠᠨ ᠪᠠᠶᠢᠴᠠᠭᠠᠵᠤ ᠪᠠᠶᠢᠴᠠᠭᠠᠨ ᠬᠡᠮᠵᠢᠬᠦ ᠪᠠᠶᠢᠭᠤᠯᠤᠮᠵᠢ ᠶᠢᠨ ᠬᠢᠷᠢ ᠭᠡᠮ ᠢ ᠦᠨᠡᠮᠰᠢᠬᠦ ᠶᠢᠨ | ᠬᠢᠨᠠᠯᠲᠠ ᠲᠠᠯᠪᠢᠵᠤ ᠪᠠᠶᠢᠴᠠᠭᠠᠬᠤ ᠠᠵᠢᠯ ᠢ ᠬᠠᠷᠢᠭᠤᠴᠠᠨ᠎ᠠ᠃ | ︵ᠠᠷᠪᠠ︶ ᠡᠮᠴᠢᠯᠡᠭᠡ ᠶᠢᠨ ᠪᠠᠭᠠᠵᠢ ᠬᠡᠷᠡᠭᠰᠡᠯ ᠵᠢᠴᠢ ᠮᠠᠭᠤ ᠤᠷᠪᠠᠯ ᠤᠨ ᠬᠢᠨᠠᠯᠲᠠ ᠬᠠᠮᠢᠶᠠᠷᠤᠯᠲᠠ ᠶᠢᠨ ᠲᠠᠰᠤᠭ | ︵ᠡᠮᠴᠢᠯᠡᠭᠡ ᠶᠢᠨ ᠪᠠᠭᠠᠵᠢ ᠬᠡᠷᠡᠭᠰᠡᠯ ᠤᠨ ᠬᠢᠨᠠᠯᠲᠠ ᠬᠠᠮᠢᠶᠠᠷᠤᠯᠲᠠ᠂ ᠮᠠᠭᠤ ᠤᠷᠪᠠᠯ ᠤᠨ ᠬᠢᠨᠠᠨ ᠰᠢᠨᠵᠢᠯᠡᠯᠲᠡ︶᠃ | ᠡᠮᠴᠢᠯᠡᠭᠡᠨ ᠤ ᠪᠠᠭᠠᠵᠢ ᠬᠡᠷᠡᠭᠰᠡᠯ ᠤᠨ ᠡᠵᠡᠩᠨᠡᠯᠲᠡ ᠶᠢᠨ ᠬᠦᠷᠢᠶᠡᠨ ᠳᠠᠬᠢ ᠠᠮᠤᠷ ᠲᠦᠪᠰᠢᠨ ᠤ ᠬᠢᠨᠠᠯᠲᠠ | ᠬᠠᠮᠢᠶᠠᠷᠤᠯᠲᠠ ᠶᠢᠨ ᠪᠠᠶᠢᠳᠠᠯ ᠢ ᠵᠠᠳᠠᠯᠤᠨ ᠡᠵᠡᠮᠰᠢᠵᠦ᠂ ᠡᠮᠴᠢᠯᠡᠭᠡᠨ ᠤ ᠪᠠᠭᠠᠵᠢ ᠬᠡᠷᠡᠭᠰᠡᠯ ᠢ ᠡᠵᠡᠩᠨᠡᠬᠦ ᠪᠠ ᠬᠡᠷᠡᠭᠯᠡᠬᠦ | ᠭᠤᠭᠴᠤᠭ᠎ᠠ ᠶᠢᠨ ᠶᠠᠰᠤ ᠴᠢᠨᠠᠷ ᠤᠨ ᠠᠮᠤᠷ ᠲᠦᠪᠰᠢᠨ ᠤ ᠬᠠᠤᠯᠢ ᠶᠣᠰᠣᠴᠢ ᠴᠢᠨᠠᠷ᠂ ᠲᠣᠭᠲᠠᠭᠠᠯ ᠳᠤ ᠨᠡᠶᠢᠴᠡᠬᠦ | ᠴᠢᠨᠠᠷᠲᠠᠶ ᠪᠠᠶᠢᠴᠠᠭᠠᠯᠲᠠ ᠶᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠡᠮᠴᠢᠯᠡᠭᠡᠨ ᠤ ᠮᠠᠰᠢᠨ ᠪᠠᠭᠠᠵᠢ ᠡᠵᠡᠩᠨᠡᠬᠦ | ᠭᠤᠭᠴᠤᠭ᠎ᠠ ᠪᠣᠯᠤᠨ ᠬᠡᠷᠡᠭᠯᠡᠬᠦ ᠲᠠᠯ᠎ᠠ ᠶᠢᠨ ᠶᠠᠰᠤ ᠴᠢᠨᠠᠷ ᠤᠨ ᠬᠢᠨᠠᠯᠲᠠ ᠬᠠᠮᠢᠶᠠᠷᠤᠯᠲᠠ ᠶᠢ ᠵᠣᠬᠢᠶᠠᠨ ᠪᠠᠶᠢᠭᠤᠯᠤᠨ | ᠥᠷᠨᠢᠭᠦᠯᠬᠦ ᠶᠢ ᠬᠠᠷᠢᠭᠤᠴᠠᠨ᠎ᠠ᠃ ᠡᠮᠴᠢᠯᠡᠭᠡᠨ ᠤ ᠮᠠᠰᠢᠨ ᠪᠠᠭᠠᠵᠢ ᠡᠵᠡᠩᠨᠡᠨ ᠬᠡᠷᠡᠭᠯᠡᠬᠦ ᠶᠠᠰᠤ ᠴᠢᠨᠠᠷ ᠤᠨ | ᠬᠠᠮᠢᠶᠠᠷᠤᠯᠲᠠ ᠶᠢᠨ ᠵᠢᠷᠤᠮᠵᠢᠯ ᠢ ᠬᠢᠨᠠᠯᠲᠠ ᠲᠠᠯᠪᠢᠨ ᠬᠡᠷᠡᠭᠵᠢᠭᠦᠯᠦᠨ᠎ᠡ᠃ ᠪᠦᠬᠦ ᠲᠤᠭᠤᠷᠢᠭ ᠤᠨ ᠡᠮᠴᠢᠯᠡᠭᠡᠨ ᠤ ᠮᠠᠰᠢᠨ | ᠪᠠᠭᠠᠵᠢ ᠡᠵᠡᠩᠨᠡᠬᠦ ᠠᠵᠤ ᠠᠬᠤᠶᠢᠯᠠᠯ ᠳᠤ ᠬᠢᠨᠠᠯᠲᠠ ᠲᠠᠯᠪᠢᠵᠤ ᠬᠠᠮᠢᠶᠠᠷᠬᠤ ᠠᠵᠢᠯ ᠢ ᠵᠣᠬᠢᠶᠠᠨ ᠪᠠᠶᠢᠭᠤᠯᠤᠨ | ᠥᠷᠨᠢᠭᠦᠯᠦᠨ᠎ᠡ᠃ ᠤᠯᠤᠰ ᠤᠨ ᠡᠮᠴᠢᠯᠡᠭᠡᠨ ᠤ ᠪᠠᠭᠠᠵᠢ ᠬᠡᠷᠡᠭᠰᠡᠯ ᠤᠨ ᠪᠠᠷᠢᠮᠵᠢᠶ᠎ᠠ᠂ ᠲᠥᠷᠥᠯ ᠬᠤᠪᠢᠶᠠᠨ ᠬᠠᠮᠢᠶᠠᠷᠬᠤ | ᠳᠦᠷᠢᠮ ᠢ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠰᠦᠯᠵᠢᠶ᠎ᠡ ᠶᠢᠨ ᠡᠮᠴᠢᠯᠡᠭᠡᠨ ᠤ ᠮᠠᠰᠢᠨ ᠪᠠᠭᠠᠵᠢ | ᠪᠣᠷᠣᠯᠠᠭᠤᠯᠬᠤ ᠶᠢᠨ ᠬᠢᠨᠠᠯᠲᠠ ᠬᠠᠮᠢᠶᠠᠷᠤᠯᠲᠠ ᠶᠢ ᠡᠭᠦᠷᠭᠡᠯᠡᠨ᠎ᠡ᠃ ᠡᠮᠴᠢᠯᠡᠭᠡᠨ ᠤ ᠪᠠᠭᠠᠵᠢ ᠬᠡᠷᠡᠭᠰᠡᠯ ᠤᠨ ᠮᠠᠭᠤ ᠬᠡᠷᠡᠭ ᠢ | ᠬᠢᠨᠠᠨ ᠬᠡᠮᠵᠢᠬᠦ᠂ ᠳᠠᠬᠢᠨ ᠦᠨᠡᠯᠡᠬᠦ ᠪᠠ ᠰᠢᠭᠰᠢᠭᠳᠡᠭᠦᠯᠬᠦ ᠠᠵᠢᠯ ᠥᠷᠨᠢᠭᠦᠯᠬᠦ ᠶᠢ ᠵᠢᠯᠣᠭᠤᠳᠤᠨ᠎ᠠ᠃ ᠡᠮᠴᠢᠯᠡᠭᠡᠨ ᠤ | ᠪᠠᠭᠠᠵᠢ ᠬᠡᠷᠡᠭᠰᠡᠯ ᠤᠨ ᠭᠠᠵᠠᠷ ᠣᠷᠣᠨ ᠠᠯᠤᠰᠯᠠᠭᠰᠠᠨ ᠰᠠᠯᠠᠭ᠎ᠠ ᠮᠥᠴᠢᠷ ᠤᠨ ᠵᠣᠬᠢᠴᠠᠯᠳᠤᠨ ᠬᠥᠳᠡᠯᠦᠯᠴᠡᠬᠦ | ᠲᠣᠭᠲᠠᠴᠠ ᠵᠡᠷᠭᠡ ᠠᠵᠢᠯ ᠢ ᠡᠭᠦᠷᠭᠡᠯᠡᠨ᠎ᠡ᠃ ᠡᠮᠴᠢᠯᠡᠭᠡᠨ ᠤ ᠪᠠᠭᠠᠵᠢ ᠬᠡᠷᠡᠭᠰᠡᠯ ᠤᠨ ᠦᠨᠡᠯᠡᠯᠲᠡ ᠶᠢᠨ ᠴᠢᠨᠠᠷᠲᠠᠶ | ᠰᠤᠭᠤᠴᠢᠨ ᠪᠠᠶᠢᠴᠠᠭᠠᠬᠤ᠂ ᠲᠦᠭᠰᠢᠭᠦᠷᠢ ᠶᠢ ᠤᠷᠢᠳᠴᠢᠯᠠᠨ ᠰᠡᠷᠡᠮᠵᠢᠯᠡᠭᠦᠯᠬᠦ ᠪᠠ ᠲᠦᠭᠰᠢᠭᠦᠷᠢ ᠶᠢᠨ ᠰᠣᠯᠢᠯᠴᠠᠭ᠎ᠠ ᠶᠢ | ᠵᠣᠬᠢᠶᠠᠨ ᠪᠠᠶᠢᠭᠤᠯᠤᠨ ᠥᠷᠨᠢᠭᠦᠯᠦᠨ᠎ᠡ᠃ ᠲᠦᠭᠰᠢᠭᠦᠷᠢ ᠶᠢ ᠬᠢᠨᠠᠨ ᠬᠡᠮᠵᠢᠬᠦ ᠠᠵᠢᠯ ᠢ ᠡᠭᠦᠷᠭᠡᠯᠡᠨ᠎ᠡ᠃ ᠭᠦᠢᠯᠭᠡᠭᠡᠨ ᠤ | ᠵᠠᠩᠭᠢᠯᠠᠭ᠎ᠠ ᠶᠢᠨ ᠡᠮ ᠤᠨ ᠵᠦᠢᠯ᠂ ᠵᠠᠰᠠᠯ ᠴᠢᠮᠡᠭ ᠤᠨ ᠮᠠᠭᠤ ᠤᠷᠪᠠᠯ ᠢ ᠬᠢᠨᠠᠨ ᠬᠡᠮᠵᠢᠬᠦ ᠠᠵᠢᠯ ᠥᠷᠨᠢᠭᠦᠯᠬᠦ ᠶᠢ | ᠵᠢᠯᠣᠭᠤᠳᠤᠨ᠎ᠠ᠃ | ︵ᠠᠷᠪᠠᠨ ᠨᠢᠭᠡ︶ ᠮᠡᠳᠡᠭᠡ ᠵᠠᠩᠭᠢᠵᠢᠯᠲᠠ ᠶᠢᠨ ᠬᠠᠮᠢᠶᠠᠷᠤᠯᠲᠠ ᠶᠢᠨ ᠠᠯᠪᠠᠨ ᠭᠡᠷ᠃ ᠤᠳᠠ ᠲᠣᠭᠤᠷᠢᠭ ᠤᠨ | ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠢᠰᠲ᠋ᠧᠮ ᠤᠨ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ | ᠨᠢᠭᠡᠳᠦᠯᠲᠡᠶ ᠲᠥᠯᠥᠪᠵᠢᠭᠦᠯᠬᠦ᠂ ᠵᠢᠯᠣᠭᠤᠳᠤᠨ ᠬᠡᠷᠡᠭᠵᠢᠭᠦᠯᠬᠦ ᠵᠡᠷᠭᠡ ᠠᠵᠢᠯ ᠢ ᠬᠠᠷᠢᠭᠤᠴᠠᠨ᠎ᠠ᠃ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ | ᠲᠤᠬᠠᠶᠢᠯᠠᠭᠰᠠᠨ ᠠᠵᠢᠯ ᠢ ᠬᠢᠨᠠᠨ ᠵᠥᠪᠰᠢᠶᠡᠷᠡᠬᠦ ᠲᠠᠪᠴᠠᠩ᠂ ᠢᠳᠡᠭᠡᠨ ᠪᠠ ᠡᠮ ᠤᠨ ᠵᠦᠢᠯ ᠤᠨ ᠠᠮᠤᠷ ᠲᠦᠪᠰᠢᠨ ᠤ | ᠮᠡᠳᠡᠭᠡ ᠵᠠᠩᠭᠢ ᠶᠢᠨ ᠰᠢᠰᠲ᠋ᠧᠮ ᠤᠨ ᠲᠠᠪᠴᠠᠩ ᠪᠠ ᠢᠳᠡᠭᠡᠨ ᠤᠮᠳᠠᠭᠠᠨ ᠤ ᠵᠢᠯᠣᠭᠤᠳᠬᠤ ᠲᠠᠪᠴᠠᠩ ᠵᠡᠷᠭᠡ | ᠰᠢᠰᠲ᠋ᠧᠮ ᠤᠨ ᠲᠠᠪᠴᠠᠩ ᠢ ᠬᠠᠮᠠᠭᠠᠯᠠᠨ᠎ᠠ᠃ ᠮᠡᠳᠡᠭᠡ ᠵᠠᠩᠭᠢ ᠶᠢᠨ ᠬᠤᠷᠠᠯ ᠤᠨ ᠶᠠᠪᠤᠳᠠᠯ ᠵᠡᠷᠭᠡ ᠠᠵᠢᠯ ᠤᠨ ᠴᠢᠨᠠᠷᠲᠠᠶ | ᠬᠠᠮᠢᠶ᠎ᠠ ᠪᠦᠬᠦᠢ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃ | ︵ᠠᠷᠪᠠᠨ ᠬᠤᠶᠠᠷ︶ ᠠᠵᠢᠯᠲᠠᠨ ᠤ ᠶᠠᠪᠤᠳᠠᠯ ᠤᠨ ᠰᠤᠷᠭᠠᠨ ᠬᠥᠮᠦᠵᠢᠯ ᠤᠨ ᠭᠡᠷ ︵ᠰᠠᠬᠢᠯᠭ᠎ᠠ ᠪᠠᠲᠤ ᠪᠠᠶᠢᠴᠠᠭᠠᠬᠤ | ᠬᠢᠨᠠᠨ ᠪᠠᠶᠢᠴᠠᠭᠠᠬᠤ ᠲᠠᠰᠤᠭ᠂ ᠪᠠᠶᠢᠭᠤᠯᠤᠯᠭ᠎ᠠ ᠶᠢᠨ ᠨᠠᠮ ᠤᠨ ᠬᠤᠷᠢᠶ᠎ᠠ︶ ᠶᠢᠨ ᠪᠠᠶᠢᠭᠤᠯᠭ᠎ᠠ ᠶᠢᠨ ᠺᠠᠲᠷ ᠠᠵᠢᠯᠲᠠᠨ ᠤ | ᠶᠠᠪᠤᠳᠠᠯ᠂ ᠪᠠᠶᠢᠭᠤᠯᠤᠮᠵᠢ ᠶᠢᠨ ᠣᠷᠣᠨ ᠲᠤᠭ᠎ᠠ᠂ ᠬᠥᠳᠡᠯᠮᠦᠷᠢ ᠴᠠᠯᠢᠩ᠂ ᠡᠩᠨᠡᠭᠡᠨ ᠤ ᠪᠠᠶᠢᠭᠤᠯᠤᠯᠲᠠ᠂ ᠮᠡᠷᠭᠡᠵᠢᠯ ᠤᠨ | ᠠᠵᠢᠯᠲᠠᠨ ᠤ ᠮᠡᠷᠭᠡᠵᠢᠯ ᠤᠨ ᠴᠣᠯᠠ ᠶᠢ ᠬᠢᠨᠠᠨ ᠲᠣᠭᠲᠠᠭᠠᠬᠤ᠂ ᠬᠥᠮᠦᠵᠢᠯ ᠪᠣᠯᠪᠠᠰᠤᠷᠠᠭᠤᠯᠤᠯ ᠪᠠ ᠭᠠᠳᠠᠭᠠᠳᠤ | ᠶᠠᠪᠤᠳᠠᠯ ᠵᠡᠷᠭᠡ ᠠᠵᠢᠯ ᠢ ᠡᠭᠦᠷᠭᠡᠯᠡᠨ᠎ᠡ᠃ ᠪᠠᠶᠢᠭᠤᠯᠭ᠎ᠠ ᠪᠣᠯᠤᠨ ᠬᠠᠷᠢᠶ᠎ᠠ ᠨᠢᠭᠡᠴᠢ ᠶᠢᠨ ᠢᠶᠠᠨ ᠠᠵᠢᠯ ᠠᠴᠠ ᠪᠠᠨ | ᠳᠠᠷᠬᠠᠯᠠᠭᠳᠠᠵᠤ ᠠᠮᠠᠷᠠᠭᠰᠠᠳ ᠤᠨ ᠠᠵᠢᠯ ᠢ ᠬᠠᠷᠢᠭᠤᠴᠠᠨ᠎ᠠ᠃ ᠬᠠᠷᠢᠶ᠎ᠠ ᠨᠢᠭᠡᠴᠢ ᠶᠢᠨ ᠢᠶᠠᠨ ᠬᠠᠮᠢᠶ᠎ᠠ ᠪᠦᠬᠦᠢ ᠠᠵᠢᠯ ᠢ | ᠵᠢᠯᠣᠭᠤᠳᠤᠨ᠎ᠠ᠃ ᠪᠠᠶᠢᠭᠤᠯᠭ᠎ᠠ ᠶᠢᠨ ᠨᠠᠮ ᠤᠨ ᠬᠤᠷᠢᠶ᠎ᠠ᠂ ᠪᠠᠶᠢᠭᠤᠯᠭ᠎ᠠ ᠪᠣᠯᠤᠨ ᠬᠠᠷᠢᠶ᠎ᠠ ᠨᠢᠭᠡᠴᠢ ᠶᠢᠨ ᠢᠶᠠᠨ ᠨᠠᠮ ᠪᠠ | ᠣᠯᠠᠨ ᠲᠦᠮᠡᠨ᠂ ᠰᠠᠬᠢᠯᠭ᠎ᠠ ᠪᠠᠲᠤ ᠪᠠᠶᠢᠴᠠᠭᠠᠬᠤ ᠵᠡᠷᠭᠡ ᠠᠵᠢᠯ ᠢ ᠬᠠᠷᠢᠭᠤᠴᠠᠨ᠎ᠠ᠃ ᠦᠬᠠᠶ ᠬᠤᠲᠠ ᠶᠢᠨ ᠤᠳᠠ | ᠲᠣᠭᠤᠷᠢᠭ ᠤᠨ ᠬᠤᠪᠢ ᠶᠢᠨ ᠡᠵᠡᠩᠨᠡᠯᠲᠡ ᠶᠢᠨ ᠠᠵᠤ ᠠᠬᠤᠶ ᠶᠢᠨ ᠬᠥᠭᠵᠢᠯᠲᠡ ᠶᠢᠨ ᠦᠢᠯᠡᠴᠢᠯᠡᠭᠡᠨ ᠤ ᠲᠥᠪ ᠤᠨ | ᠨᠡᠶᠢᠲᠡ ᠶᠢᠨ ᠥᠮᠴᠢᠯᠡᠯ ᠤᠨ ᠪᠤᠰᠤ ᠨᠠᠮ ᠤᠨ ᠪᠠᠶᠢᠭᠤᠯᠤᠯᠲᠠ ᠶᠢᠨ ᠠᠵᠢᠯ ᠥᠷᠨᠢᠭᠦᠯᠬᠦ ᠶᠢ ᠬᠠᠷᠢᠭᠤᠴᠠᠨ | ᠵᠢᠯᠣᠭᠤᠳᠤᠨ᠎ᠠ᠃ | ︵ᠠᠷᠪᠠᠨ ᠭᠤᠷᠪᠠ︶ ᠲᠣᠮᠢᠯᠠᠭᠰᠠᠨ ᠪᠠᠶᠢᠭᠤᠯᠤᠮᠵᠢ᠄ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠭᠠᠵᠠᠷ | 6 ᠪᠠᠶᠢᠭᠤᠯᠵᠤ᠂ ᠲᠤᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ | ᠬᠠᠷᠢᠶᠠᠯᠠᠭᠤᠯᠤᠨ᠎ᠠ᠃ ᠲᠤᠰᠪᠦᠷᠢ᠄ ᠪᠠᠶᠠᠨᠰᠠᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠭᠠᠵᠠᠷ᠂ ᠰᠢᠨᠳᠠ | ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠭᠠᠵᠠᠷ᠂ ᠤᠯᠠᠭᠠᠨᠨᠠᠭᠤᠷ ᠤᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠭᠠᠵᠠᠷ ︵ᠰᠣᠬᠠᠶᠢᠲᠤ ᠶᠢᠨ ᠬᠡᠷᠡᠭ ᠡᠷᠬᠢᠯᠡᠬᠦ ᠭᠠᠵᠠᠷ᠂ ᠯᠢᠶᠠᠩ ᠵᠢᠶᠠ ᠭᠧᠤ ᠬᠡᠷᠡᠭ ᠡᠷᠬᠢᠯᠡᠬᠦ ᠭᠠᠵᠠᠷ | ᠪᠠ ᠤᠯᠠᠭᠠᠨ ᠨᠠᠭᠤᠷ ᠪᠠᠯᠭᠠᠰᠤ ᠶᠢ ᠪᠠᠭᠲᠠᠭᠠᠨ᠎ᠠ︶᠂ ᠰᠠᠨ ᠳ᠋ᠤᠤ ᠺᠠᠨ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠭᠠᠵᠠᠷ ︵ᠰᠠᠨ ᠳ᠋ᠤᠤ ᠺᠠᠨ ᠬᠡᠷᠡᠭ ᠡᠷᠬᠢᠯᠡᠬᠦ ᠭᠠᠵᠠᠷ᠂ ᠠᠵᠤ ᠦᠢᠯᠡᠳᠪᠦᠷᠢ ᠶᠢᠨ ᠬᠦᠷᠢᠶᠡᠯᠡᠩ | ᠲᠣᠭᠤᠷᠢᠭ ᠪᠠ ᠦ᠋ ᠬᠤ᠋ ᠱᠠᠨ ᠤ ᠬᠡᠷᠡᠭ ᠡᠷᠬᠢᠯᠡᠬᠦ ᠭᠠᠵᠠᠷ ᠪᠠᠭᠲᠠᠨ᠎ᠠ︶᠂ ᠪᠢᠨᠬᠠᠢ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠭᠠᠵᠠᠷ᠂ ᠲᠤᠰᠬᠠᠶ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠭᠠᠵᠠᠷ ︵ᠲᠠᠷᠢᠶᠠᠯᠠᠩ ᠤᠨ | ᠠᠷᠠᠯᠵᠢᠶᠠᠨ ᠤ ᠵᠠᠬ᠎ᠠ ᠳᠡᠯᠭᠡᠭᠦᠷ᠂ ᠲᠣᠭᠤᠷᠢᠭ ᠤᠨ ᠢᠳᠡᠭᠡᠨ ᠡᠳ᠋ᠰᠢᠭᠦᠯᠬᠦ ᠬᠦᠷᠢᠶᠡᠯᠡᠩ ᠵᠡᠷᠭᠡ ᠪᠠᠭᠳᠠᠨ᠎ᠠ︶᠃ | ᠭᠤᠣᠯ ᠡᠭᠦᠷᠭᠡ ᠬᠠᠷᠢᠭᠤᠴᠠᠯᠭ᠎ᠠ᠄ ᠬᠠᠷᠢᠶ᠎ᠠ ᠣᠷᠣᠨ ᠤ ᠳᠣᠲᠣᠷᠠᠬᠢ ᠠᠵᠤ ᠠᠬᠤᠶᠢᠯᠠᠯ ᠤᠨ ᠳᠠᠩᠰᠠᠯᠠᠯ ᠤᠨ | ᠠᠩᠬᠠᠨ ᠤ ᠬᠢᠨᠠᠯᠲᠠ᠂ ᠦᠨᠡᠮᠯᠡᠯ ᠰᠣᠯᠢᠬᠤ ᠬᠢᠨᠠᠨ ᠪᠠᠶᠢᠴᠠᠭᠠᠯᠲᠠ ᠶᠢᠨ ᠭᠠᠷ ᠭᠦᠢᠴᠡᠳᠬᠡᠯ ᠢ ᠭᠦᠢᠴᠡᠳᠬᠡᠬᠦ ᠶᠢᠨ | ᠬᠠᠮᠲᠤ ᠬᠢᠨᠠᠨ ᠵᠥᠪᠰᠢᠶᠡᠷᠡᠭᠰᠡᠨ ᠠᠵᠤ ᠠᠬᠤᠶᠢᠯᠠᠯ ᠳᠤ ᠬᠢᠨᠠᠯᠲᠠ ᠲᠠᠯᠪᠢᠵᠤ ᠬᠠᠮᠢᠶᠠᠷᠤᠨ᠎ᠠ᠃ | ᠭᠤᠷᠪᠠ᠂ ᠵᠠᠰᠠᠭ ᠵᠠᠬᠢᠷᠭᠠᠨ ᠤ ᠣᠷᠣᠨ ᠲᠤᠭ᠎ᠠ ᠪᠠ ᠤᠳᠤᠷᠢᠳᠬᠤ ᠲᠤᠰᠢᠶᠠᠯ ᠤᠨ ᠲᠤᠭ᠎ᠠ | ᠦᠬᠠᠶ ᠬᠤᠲᠠ ᠶᠢᠨ ᠤᠳᠠ ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠲᠣᠪᠴᠢᠶᠠᠨ ᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠣᠷᠣᠨ ᠲᠤᠭ᠎ᠠ 36 ᠬᠥᠮᠦᠨ᠃ ᠲᠣᠪᠴᠢᠶᠠᠨ ᠳᠠᠷᠤᠭ᠎ᠠ 1᠂ | ᠳᠡᠳ᠋ ᠲᠣᠪᠴᠢᠶᠠᠨ ᠳᠠᠷᠤᠭ᠎ᠠ 3 ᠲᠣᠬᠢᠷᠠᠭᠤᠯᠵᠠᠢ᠃ | ᠬᠠᠶ᠋ᠢᠭ᠄ ᠤᠳᠠ ᠲᠣᠭᠤᠷᠢᠭ ᠤᠨ ᠴᠢᠯᠥᠭᠡᠯᠡᠯᠲᠡ ᠬᠤᠶᠢᠲᠤ ᠵᠠᠮ ᠤᠨ 68 ᠲᠤᠭᠠᠳᠤ᠂ ᠪᠦᠯᠬᠦᠮᠳᠡᠯ ᠶᠡᠭᠡ | ᠵᠡᠭᠡᠯᠢ ᠶᠢᠨ 1 - 1 ︵ᠿᠢ ᠶᠤᠸᠠᠢ ᠶᠡᠭᠡ ᠪᠠᠭᠤᠳᠠᠯ ᠤᠨ ᠡᠰᠡᠷᠭᠦ ᠲᠠᠯ᠎ᠠ︶ | ᠰᠢᠦᠳᠠᠨ ᠨᠣᠮᠧᠷ᠄ 016040 | ᠠᠯᠪᠠᠯᠠᠬᠤ ᠴᠠᠭ᠄ 9᠄ 00 - 12᠄ 0015᠄ 00-18᠄ 00 ︵ᠭᠠᠷᠠᠭ ᠤᠨ ᠨᠢᠭᠡᠨ ᠠᠴᠠ ᠭᠠᠷᠠᠭ ᠤᠨ | ᠲᠠᠪᠤᠨ ᠬᠦᠷᠳᠡᠯ᠎ᠡ᠂ ᠬᠠᠤᠯᠢ ᠪᠠᠷ ᠲᠤᠭᠳᠠᠭᠠᠭᠰᠠᠨ ᠪᠠᠶᠠᠷ ᠲᠤᠷᠠᠰᠬᠠᠯ ᠠᠮᠠᠷᠠᠯᠲᠠ ᠶᠢᠨ ᠡᠳᠦᠷ ᠠᠴᠠ ᠭᠠᠳᠠᠨ᠎ᠠ︶ | ᠬᠠᠷᠢᠯᠴᠠᠬᠤ ᠬᠡᠯᠪᠡᠷᠢ᠄ 0473-3023182 | ᠬᠠᠷᠢᠭᠤᠴᠠᠯᠭᠠᠲᠠᠨ ᠤ ᠣᠪᠣᠭ ᠨᠡᠷ᠎ᠡ᠄ ᠯᠢ ᠵᠢᠶᠠᠨ ᠭᠦᠩ | | |