ᠶᠡᠷᠦᠩᠬᠡᠶ ᠱᠦᠵᠢ ᠰᠢ ᠶᠢᠨ ᠫᠢᠩ ᠤᠨ ᠬᠤᠶᠢᠴᠢ ᠦᠶ᠎ᠡ ᠪᠠᠨ ᠬᠠᠯᠠᠮᠵᠢᠯᠠᠬᠤ ᠠᠵᠢᠯ ᠤᠨ ᠲᠤᠬᠠᠶ ᠴᠢᠬᠤᠯᠠ | ᠵᠢᠭᠠᠪᠤᠷᠢ ᠶᠢᠨ ᠵᠣᠷᠢᠭ ᠰᠠᠨᠠᠭ᠎ᠠ ᠶᠢ ᠤᠯᠠᠮ ᠨᠢᠭᠡ ᠠᠯᠬᠤᠮ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ | 10 ᠰᠠᠷ᠎ᠠ ᠶᠢᠨ 18 ᠤ ᠡᠳᠦᠷ᠂ ᠤᠳᠠ ᠲᠣᠭᠤᠷᠢᠭ ᠤᠨ ︽ᠳᠤᠮᠳᠠᠳᠤ ᠶᠢᠨ ᠰᠦᠭ ᠰᠦᠨᠡᠰᠦ︾ ᠭᠤᠤᠯ ᠰᠡᠳᠦᠪᠲᠦ | ᠬᠥᠮᠦᠵᠢᠯ ᠤᠨ ᠨᠣᠮ ᠤᠩᠰᠢᠬᠤ ᠠᠵᠢᠯᠯᠠᠭ᠎ᠠ ᠶᠢᠨ ᠶᠠᠷᠢᠶ᠎ᠠ ᠢᠯᠡᠳᠬᠡᠯ ᠤᠨ ᠤᠷᠤᠯᠳᠤᠭᠠᠨ ᠱᠧᠩ ᠯᠢ ᠵᠡᠭᠡᠯᠢ ᠶᠢᠨ | ᠪᠠᠭ᠎ᠠ ᠰᠤᠷᠭᠠᠭᠤᠯᠢ ᠳᠤ ᠶᠠᠪᠤᠭᠳᠠᠵᠤ᠂ ᠪᠥᠬᠦ ᠲᠤᠭᠤᠷᠢᠭ ᠤᠨ ᠳᠤᠮᠳᠠᠳᠤ ᠪᠠᠭ᠎ᠠ ᠰᠤᠷᠭᠠᠭᠤᠯᠢ᠂ ᠪᠠᠯᠭᠠᠰᠤ᠂ ᠵᠡᠭᠡᠯᠢ | ᠭᠤᠳᠤᠮᠵᠢ ᠶᠢᠨ 16 ᠠᠩᠭᠢ ᠣᠷᠣᠯᠴᠠᠵᠠᠶ᠃ | | ᠤᠷᠤᠯᠳᠤᠭᠠᠨ ᠤ ᠲᠤᠬᠠᠶ ᠶᠢᠨ ᠲᠠᠯᠠᠪᠤᠷ ᠲᠤ᠂ ᠤᠷᠤᠯᠳᠤᠭᠴᠢᠳ ︽ᠳᠤᠮᠳᠠᠳᠤ ᠶᠢᠨ ᠰᠦᠭ ᠰᠦᠨᠡᠰᠦ︾ ᠭᠡᠬᠦ | ᠡᠨᠡ ᠬᠦ ᠭᠤᠤᠯ ᠰᠡᠳᠦᠪ ᠲᠠᠢ ᠨᠢᠭᠲᠠ ᠤᠶᠠᠯᠳᠤᠭᠤᠯᠤᠨ ᠲᠣᠰ ᠲᠣᠰ ᠤᠨ ᠰᠤᠷᠤᠯᠴᠠᠯᠭ᠎ᠠ᠂ ᠠᠵᠢᠯ ᠤᠨ ᠪᠣᠳᠠᠲᠤ | ᠪᠠᠶᠢᠳᠠᠯ ᠬᠢᠭᠡᠳ ᠨᠣᠮ ᠤᠩᠰᠢᠵᠤ ᠣᠶᠢᠯᠠᠭᠠᠬᠤ ᠣᠶᠢᠯᠠᠭᠠᠯᠲᠠ ᠲᠠᠢ ᠪᠠᠨ ᠤᠶᠠᠯᠳᠤᠭᠤᠯᠤᠨ᠂ ᠡᠬᠡ ᠤᠯᠤᠰ | ᠡᠵᠢ ᠳᠡᠭᠡᠨ ᠰᠠᠶᠢᠨ ᠰᠠᠶᠢᠬᠠᠨ ᠬᠦᠰᠡᠯ ᠡᠷᠡᠮᠡᠯᠵᠡᠯ ᠪᠠ ᠠᠬᠠᠮᠠᠳ ᠨᠢᠭᠡ ᠦᠶ᠎ᠡ ᠶᠢᠨ ᠦᠭᠡᠶᠢᠭᠦᠦ ᠠᠩᠭᠢ ᠶᠢᠨ | ᠬᠤᠪᠢᠰᠬᠠᠯ ᠤᠨ ᠠᠬᠠᠮᠠᠳ ᠦᠶ᠎ᠡ ᠶᠢᠨ ᠬᠢᠨ ᠢ ᠳᠤᠷᠠᠰᠤᠨ ᠰᠠᠨᠠᠭᠠᠯᠵᠠᠵᠤ ᠪᠠᠶᠢᠬᠤ ᠪᠠᠨ ᠢᠯᠡᠳᠬᠡᠪᠡ᠃ ᠲᠡᠳᠡᠨ ᠤ | ᠶᠠᠷᠢᠶ᠎ᠠ ᠢᠯᠡᠳᠬᠡᠯ ᠣᠷᠭᠢᠯᠤᠮ᠎ᠠ ᠬᠠᠯᠠᠭᠤᠨ᠂ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠠᠶᠢᠵᠦ᠂ ᠦᠵᠡᠭᠴᠢᠳ ᠤᠨ | ᠬᠠᠯᠠᠭᠤᠨ ᠠᠯᠠᠭ᠎ᠠ ᠲᠡᠰᠢᠯᠲᠡ ᠶᠢ ᠤᠯᠪᠠ᠃ | ᠵᠠᠯᠭᠠᠭᠠᠳ᠂ ᠤᠳᠠ ᠲᠣᠭᠤᠷᠢᠭ ᠦᠷᠭᠦᠯᠵᠢᠯᠡᠨ ᠣᠯᠠᠨ ᠶᠠᠩᠵᠤ ᠶᠢᠨ ᠬᠡᠯᠪᠡᠷᠢ ᠲᠠᠢ᠂ ᠪᠠᠶᠠᠯᠢᠭ ᠠᠭᠤᠯᠭ᠎ᠠ ᠲᠠᠢ | ᠬᠥᠮᠦᠵᠢᠯ ᠤᠨ ᠠᠵᠢᠯᠯᠠᠭ᠎ᠠ ᠶᠢ ᠥᠷᠨᠢᠭᠦᠯᠵᠦ᠂ ᠥᠷᠭᠡᠨ ᠤᠯᠠᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ | ᠪᠣᠯᠤᠨ ᠵᠠᠯᠠᠭᠤᠴᠤᠳ ᠢ ᠬᠥᠲᠥᠯᠥᠨ ᠵᠢᠯᠣᠭᠤᠳᠴᠤ ᠪᠠᠶᠢᠭᠠᠳ ᠬᠦᠰᠡᠯᠡᠩ ᠢᠲᠡᠭᠡᠯ ᠪᠢᠰᠢᠷᠡᠯ ᠢ ᠨᠢ ᠪᠠᠲᠤᠳᠬᠠᠵᠤ᠂ | ᠬᠤᠪᠢᠰᠬᠠᠯ ᠤᠨ ᠤᠳᠤᠮᠰᠢᠯ ᠢ ᠵᠠᠯᠭᠠᠮᠵᠢᠯᠠᠵᠤ᠂ ᠬᠤᠪᠢᠰᠬᠠᠯ ᠤᠨ ᠭᠧᠨ ᠢ ᠤᠯᠠᠮᠵᠢᠯᠠᠵᠤ᠂ ᠤᠳᠠ ᠲᠤᠭᠤᠷᠢᠭ ᠤᠨ | ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠵᠠᠯᠠᠭᠤ ᠨᠠᠰᠤᠨ ᠤ ᠬᠦᠴᠦᠨ ᠴᠢᠳᠠᠯ ᠢ ᠬᠤᠷᠠᠮᠳᠤᠭᠤᠯᠤᠨ᠎ᠠ᠃ | |