ᠡᠶᠢᠮᠦ ᠤᠨᠲᠠᠬᠤ ᠳᠠᠳᠬᠠᠯ ᠨᠢ ᠥᠲᠡᠯᠬᠦ ᠶᠢ ᠤᠳᠠᠭᠠᠰᠢᠷᠠᠭᠤᠯᠬᠤ ᠳᠤ ᠠᠰᠢᠭᠲᠠᠢ︕ ᠰᠠᠶᠢᠨ ᠤᠨᠲᠠᠶ᠎ᠠ ᠭᠡᠪᠠᠯ ᠡᠨᠡ ᠬᠤᠶᠠᠷ ᠲᠠᠯ᠎ᠠ ᠶᠢ ᠠᠩᠬᠠᠷᠬᠤ ᠬᠡᠷᠡᠭᠲᠡᠶ
ᠨᠡᠶᠢᠲᠡᠯᠡᠭᠰᠡᠨ ᠴᠠᠭ᠄
2024/12/11
      2023 ᠣᠨ ᠤ 8 ᠰᠠᠷ᠎ᠠ ᠳᠤ ︽ᠤᠨᠲᠠᠬᠤᠶ ᠶᠢᠨ ᠡᠷᠡᠭᠦᠯ ᠮᠡᠨᠳᠦ︾ ᠰᠡᠳᠬᠦᠯ ᠳᠤ ᠨᠡᠶᠢᠲᠡᠯᠡᠭᠰᠡᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠲᠣᠭᠲᠠᠭᠤᠨ ᠤᠨᠲᠠᠬᠤ ᠳᠠᠳᠬᠠᠯ ᠲᠠᠢ ᠪᠠᠶᠢᠬᠤ ᠨᠢ ᠠᠮᠢᠳᠤ ᠪᠣᠳᠠᠰ ᠤᠨ ᠥᠲᠡᠯᠬᠦ ᠶᠠᠪᠤᠴᠠ ᠶᠢ ᠤᠳᠠᠭᠠᠰᠢᠷᠠᠭᠤᠯᠬᠤ ᠳᠤ ᠠᠰᠢᠭᠲᠠᠶ ᠪᠠᠶᠢᠳᠠᠭ᠃ ᠤᠨᠲᠠᠬᠤ ᠴᠠᠭ ᠤᠨ ᠵᠥᠷᠢᠶ᠎ᠡ ᠨᠢ ᠨᠡᠯᠢᠶᠡᠳ ᠶᠡᠭᠡ᠂ ᠠᠵᠢᠯ ‍ᠤᠨ‌ᠡᠳᠦᠷ ᠪᠠ ᠭᠠᠷᠠᠭ ᠤᠨ ᠰᠡᠭᠦᠯᠴᠢ ᠶᠢᠨ ᠤᠨᠲᠠᠬᠤ ᠴᠠᠭ ᠤᠨ ᠵᠥᠷᠢᠶ᠎ᠡ ᠨᠢ ᠶᠡᠭᠡ ᠪᠠᠶᠢᠳᠠᠭ ᠬᠦᠮᠦᠰ  ᠢ ᠲᠣᠭᠲᠠᠭᠤᠨ ᠤᠨᠲᠠᠬᠤ ᠳᠠᠳᠬᠠᠯ ᠲᠠᠢ ᠬᠥᠮᠦᠨ ᠲᠠᠢ ᠬᠠᠷᠢᠴᠠᠭᠤᠯᠪᠠᠯ ᠠᠮᠢᠳᠤ ᠪᠣᠳᠠᠰ ᠤᠨ ᠨᠠᠰᠤᠨ ᠤ ᠥᠲᠡᠯᠬᠦ ᠶᠠᠪᠤᠴᠠ 9 ᠰᠠᠷ᠎ᠠ ᠶᠢᠨ ᠵᠦᠷᠢᠶ᠎ᠡ ᠲᠠᠢ ᠪᠠᠶᠢᠳᠠᠭ᠃ ᠲᠣᠭᠲᠠᠭᠤᠨ ᠰᠠᠶᠢᠬᠠᠨ ᠤᠨᠲᠠᠬᠤ ᠳᠠᠳᠬᠠᠯ ᠲᠠᠢ᠂ ᠡᠳᠦᠷ ᠪᠦᠷᠢ ᠤᠨᠲᠠᠬᠤ ᠴᠠᠭ᠂ ᠪᠣᠰᠬᠤ ᠴᠠᠭ ᠢᠶᠠᠨ ᠪᠠᠲᠤᠯᠠᠪᠠᠯ ᠠᠮᠢᠳᠤ ᠪᠣᠳᠠᠰ ᠤᠨ ᠥᠲᠡᠯᠬᠦ ᠶᠠᠪᠤᠴᠠ ᠶᠢ ᠤᠳᠠᠭᠠᠰᠢᠷᠠᠭᠤᠯᠬᠤ ᠳᠤ ᠠᠰᠢᠭᠲᠠᠢ ᠶᠤᠮ᠃       ᠤᠨᠲᠠᠬᠤ ᠶᠢ ᠨᠥᠯᠥᠭᠡᠯᠡᠬᠦ ᠬᠤᠶᠠᠷ ᠵᠠᠩᠭᠢᠯᠠᠭ᠎ᠠ ᠶᠢᠨ ᠡᠯᠧᠮᠧᠨ᠋ᠲ ᠪᠣᠯ ︽ᠵᠢᠮ᠎ᠡ ᠬᠠᠤᠯᠢ ᠲᠠᠢ ᠪᠠᠶᠢᠬᠤ︾ ᠪᠠ ︽ᠬᠠᠨᠲᠠᠯ᠎ᠠ‌ᠤᠨᠲᠠᠬᠤ︾ ᠶᠠᠪᠤᠳᠠᠯ ᠪᠣᠯᠤᠨ᠎ᠠ᠃ ᠬᠥᠮᠦᠨ ᠤ ᠪᠡᠶ᠎ᠡ ᠶᠢᠨ ᠥᠪᠡᠷ ᠢ ᠪᠠᠨ ᠰᠡᠷᠭᠦᠭᠡᠬᠦ ᠠᠵᠢᠯᠯᠠᠭ᠎ᠠ ᠨᠢ ᠣᠯᠠᠩᠬᠢ ᠳ᠋ᠠᠭᠠᠨ‌ᠥᠷᠯᠥᠭᠡ ᠶᠢᠨ 3 ᠴᠠᠭ ᠠᠴᠠ ᠡᠮᠦᠨ᠎ᠡ ᠶᠠᠪᠤᠭᠳᠠᠳᠠᠭ᠂ ᠡᠶᠢᠮᠦ ᠠᠴᠠ 23 ᠴᠠᠭ ᠠᠴᠠ 3 ᠴᠠᠭ ᠤᠨ ᠬᠤᠭᠤᠷᠣᠨᠳᠤᠬᠢ ᠤᠨᠲᠠᠬᠤ‌ᠨᠤᠶᠢᠷ ᠤᠨ ᠴᠢᠨᠠᠷ ᠪᠤᠯ ᠲᠤᠶᠢᠯ ᠤᠨ ᠴᠢᠬᠤᠯᠠ ᠪᠠᠶᠢᠳᠠᠭ ᠶᠤᠮ᠃ ᠨᠠᠰᠤᠨ ᠳᠤ ᠭᠦᠷᠦᠭᠰᠡᠳ ᠨᠢ 7 ᠠᠴᠠ 8 ᠴᠠᠭ ᠤᠨᠳᠠᠪᠠᠯ ᠵᠤᠬᠢᠨ᠎ᠠ᠂ 6 ᠴᠠᠭ ᠤᠨᠳᠠᠬᠤ ᠨᠢ ᠡᠷᠡᠭᠦᠯ ᠮᠡᠨᠳᠦ ᠶᠢᠨ ᠨᠠᠭᠠᠳᠤ ᠵᠠᠬ᠎ᠠ  ᠶᠢᠨ ᠬᠢᠵᠠᠭᠠᠷ ᠱᠤᠭᠤᠮ ᠪᠤᠯᠤᠨ᠎ᠠ᠂ ᠬᠠᠮᠤᠭ ᠤᠷᠳᠤ ᠳᠠᠭᠠᠨ 9 ᠴᠠᠭ ᠠᠴᠠ ᠬᠡᠲᠦᠷᠡᠵᠦ ᠪᠣᠯᠬᠤ ᠥᠬᠡᠶ᠃ ᠵᠠᠷᠢᠮ ᠰᠤᠳᠤᠯᠭᠠᠨ ᠤ ᠢᠯᠡᠷᠡᠭᠦᠯᠦᠭᠰᠡᠨ ᠢᠶᠠᠷ᠂ 6 ᠴᠠᠭ ᠠᠴᠠ ᠪᠠᠭ᠎ᠠ ᠤᠨᠳᠠᠳᠠᠭ ᠬᠦᠮᠦᠰ ᠪᠠ 9 ᠴᠠᠭ ᠠᠴᠠ ᠲᠡᠭᠡᠭᠰᠢ ᠤᠨᠳᠠᠳᠠᠭ ᠬᠦᠮᠦᠰ ᠢ 6 ᠠᠴᠠ 9 ᠴᠠᠭ ᠤᠨᠳᠠᠳᠠᠭ ᠬᠦᠮᠦᠰ ᠲᠠᠢ ᠬᠠᠷᠢᠴᠠᠭᠤᠯᠪᠠᠯ ᠵᠢᠷᠦᠬᠡᠨ ᠲᠦᠭᠵᠢᠷᠡᠯ ᠡᠭᠦᠰᠭᠦ ᠲᠦᠭᠰᠢᠭᠦᠷᠢ ᠨᠢ ᠲᠤᠰ ᠲᠤᠰ 20 % ᠪᠠ 34 % ᠪᠠᠷ ᠨᠡᠮᠡᠭᠳᠡᠭᠰᠡᠨ ᠪᠠᠶᠢᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号