2023 ᠣᠨ ᠤ ᠤᠳᠠ ᠲᠣᠭᠤᠷᠢᠭ ᠤᠨ ᠭᠤᠤᠯ ᠪᠣᠯᠬᠤ ᠠᠵᠤ ᠠᠬᠤᠶ ᠶᠢᠨ ᠭᠦᠢᠴᠡᠳᠭᠡᠯ ᠲᠤᠭ᠎ᠠ ᠶᠢᠨ ᠪᠦᠷᠢᠳᠬᠡᠯ ᠤᠨ ᠠᠯᠪᠠᠨ ᠮᠡᠳᠡᠭᠡ
ᠨᠡᠶᠢᠲᠡᠯᠡᠭᠰᠡᠨ ᠴᠠᠭ᠄
2024/12/23
2023 ᠣᠨ ᠤ ᠤᠳᠠ ᠲᠣᠭᠤᠷᠢᠭ ᠤᠨ ᠭᠤᠤᠯ ᠪᠣᠯᠬᠤ ᠠᠵᠤ ᠠᠬᠤᠶ ᠶᠢᠨ ᠭᠦᠢᠴᠡᠳᠭᠡᠯ ᠲᠤᠭ᠎ᠠ ᠶᠢᠨ ᠪᠦᠷᠢᠳᠬᠡᠯ ᠤᠨ ᠠᠯᠪᠠᠨ ᠮᠡᠳᠡᠭᠡ      ᠤᠳᠠ ᠲᠤᠭᠤᠷᠢᠭ ᠤᠨ ᠲᠤᠭ᠎ᠠ ᠪᠥᠷᠢᠳᠭᠡᠯ ᠤᠨ ᠲᠤᠪᠴᠢᠶ᠎ᠠ      ︵2024 ᠣᠨ ᠤ 1 ᠰᠠᠷ᠎ᠠ︶      2023 ᠣᠨ ᠳᠤ᠂ ᠨᠠᠷᠢᠨ ᠪᠤᠳᠤᠯᠢᠶᠠᠨᠲᠠᠶ ᠠᠵᠤ ᠠᠬᠤᠶ ᠶᠢᠨ ᠪᠠᠶᠢᠳᠠᠯ ᠪᠣᠯᠤᠨ ᠪᠡᠷᠬᠡ ᠬᠠᠲᠠᠭᠤᠵᠢᠯᠲᠠᠶ ᠨᠦᠰᠡᠷ ᠬᠦᠨᠳᠦ ᠬᠥᠭᠵᠢᠯᠲᠡ ᠶᠢᠨ ᠡᠭᠦᠷᠭᠡ ᠶᠢᠨ ᠡᠮᠦᠨ᠎ᠡ᠂ ᠤᠳᠠ ᠲᠣᠭᠤᠷᠢᠭ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠶᠢ ᠪᠠᠷᠢᠮᠲᠠᠯᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠪᠣᠯᠤᠨ ᠶᠡᠷᠦᠩᠬᠡᠶ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠶ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠭᠤᠤᠯ ᠰᠢᠵᠢᠮ ᠪᠣᠯᠭᠠᠵᠤ᠂ ᠬᠤᠶᠠᠷ ᠶᠡᠭᠡ ᠶᠠᠪᠤᠳᠠᠯ ᠢ ᠰᠠᠶᠢᠲᠤᠷ ᠬᠢᠬᠦ ᠳᠤ ᠠᠩᠬᠠᠷᠤᠯ ᠢᠶᠠᠨ ᠲᠥᠪᠯᠡᠷᠡᠭᠦᠯᠵᠦ᠂ ᠲᠣᠭᠲᠠᠭᠤᠨ ᠤ ᠳᠤᠮᠳᠠ ᠤᠷᠤᠭᠰᠢᠯᠠᠨ ᠳᠠᠪᠰᠢᠬᠤ ᠠᠵᠢᠯ ᠤᠨ ᠶᠡᠷᠦᠩᠬᠡᠶ ᠬᠥᠭ ᠠᠶᠠᠰ ᠢ ᠪᠠᠷᠢᠮᠲᠠᠯᠠᠵᠤ᠂ ᠪᠥᠬᠦ ᠬᠦᠴᠦᠨ ᠢᠶᠠᠷ ᠢᠶᠠᠨ ᠪᠦᠲᠦᠴᠡ ᠪᠠᠨ ᠲᠣᠬᠢᠷᠠᠭᠤᠯᠵᠤ᠂ ᠬᠡᠯᠪᠡᠷᠢ ᠪᠠᠨ ᠬᠤᠪᠢᠷᠠᠭᠤᠯᠬᠤ ᠶᠢ ᠠᠬᠢᠭᠤᠯᠵᠤ᠂ ᠢᠲᠡᠭᠡᠯ ᠵᠣᠷᠢᠭ ᠢᠶᠠᠨ ᠬᠥᠪᠴᠢᠯᠡᠵᠦ᠂ ᠠᠷᠠᠳ ᠤᠨ ᠠᠮᠢᠳᠤᠷᠠᠯ ᠳᠤ ᠠᠰᠢᠭ ᠬᠦᠷᠲᠡᠭᠡᠵᠦ᠂ ᠠᠶᠤᠯ ᠲᠦᠭᠰᠢᠭᠦᠷᠢ ᠶᠢ ᠰᠡᠷᠭᠡᠶᠢᠯᠡᠵᠦ᠂ ᠡᠯ᠎ᠡ ᠵᠦᠢᠯ ᠤᠨ ᠠᠵᠢᠯ ᠦᠢᠯᠡᠰ ᠥᠷᠨᠢᠭᠦᠨ ᠬᠥᠭᠵᠢᠩᠭᠦᠢ ᠬᠥᠭᠵᠢᠯᠲᠡ ᠶᠢᠨ ᠪᠠᠶᠢᠳᠠᠯ ᠢᠶᠠᠨ ᠪᠠᠲᠤᠯᠠᠪᠠ᠃      ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠶ ᠥᠷᠲᠡᠭ ᠤᠨ ᠨᠢᠭᠡᠳᠦᠯᠲᠡᠶ ᠲᠣᠭᠠᠴᠠᠭ᠎ᠠ ᠬᠢᠭᠰᠡᠨ ᠦᠷ᠎ᠡ ᠳ᠋ᠦᠩ ᠢ ᠦᠨᠳᠦᠰᠦᠯᠡᠪᠡᠯ᠂ 2023 ᠣᠨ ᠳᠤ ᠤᠳᠠ ᠲᠣᠭᠤᠷᠢᠭ ᠤᠨ ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠶ ᠥᠷᠲᠡᠭ 177 ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 5.9% ᠪᠠᠷ ᠨᠡᠮᠡᠭᠳᠡᠪᠡ᠃ ᠡᠭᠦᠨ ᠳᠤ᠂ ᠨᠢᠭᠡᠳᠦᠭᠡᠷ ᠠᠵᠤ ᠦᠢᠯᠡᠰ 1.3 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 3.9% ᠪᠠᠷ ᠨᠡᠮᠡᠭᠳᠡᠪᠡ︔ ᠬᠤᠶᠠᠳᠤᠭᠠᠷ ᠠᠵᠤ ᠦᠢᠯᠡᠰ 127.47 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 5% ᠪᠠᠷ ᠨᠡᠮᠡᠭᠳᠡᠪᠡ︔ ᠭᠤᠷᠪᠠᠳᠤᠭᠠᠷ ᠠᠵᠤ ᠦᠢᠯᠡᠰ 48.26 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 8.2% ᠢᠶᠠᠷ ᠨᠡᠮᠡᠭᠳᠡᠪᠡ᠃      ᠨᠢᠭᠡ᠂ ᠲᠠᠷᠢᠶᠠᠯᠠᠩ ᠦᠢᠯᠡᠳᠪᠦᠷᠢᠯᠡᠯ ᠤᠨ ᠪᠠᠶᠢᠳᠠᠯ ᠰᠠᠶᠢᠵᠢᠷᠠᠪᠠ      2023 ᠣᠨ ᠳᠤ᠂ ᠪᠥᠬᠦ ᠲᠤᠭᠤᠷᠢᠭ ᠤᠨ ᠠᠮᠤ ᠪᠤᠳᠠᠭᠠᠨ ᠤ ᠲᠠᠷᠢᠮᠠᠯ ᠤᠨ ᠳᠠᠷᠢᠬᠤ ᠲᠠᠯᠠᠪᠠᠶ ᠨᠡᠶᠢᠲᠡ 1112.8 ᠮᠥ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 40.5% ᠪᠠᠷ ᠨᠡᠮᠡᠭᠳᠡᠵᠦ᠂ ᠤᠨᠠᠯᠲᠠ 7172.4 ᠲᠣᠨ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 58% ᠪᠠᠷ ᠨᠡᠮᠡᠭᠳᠡᠪᠡ᠃ ᠢᠳᠡᠰᠢᠨ ᠨᠣᠭᠤᠭ᠎ᠠ ᠵᠢᠴᠢ ᠢᠳᠡᠰᠢᠨ ᠮᠥᠭᠦ ᠶᠢᠨ ᠲᠠᠷᠢᠮᠠᠯ ᠤᠨ ᠲᠠᠯᠠᠪᠠᠢ 3202 ᠮᠥ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 15.8% ᠪᠠᠷ ᠪᠠᠭᠤᠷᠠᠵᠤ᠂ ᠭᠠᠷᠤᠯᠲᠠ ᠨᠢ 10560 ᠲᠣᠨ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 50.6% ᠪᠠᠷ ᠨᠡᠮᠡᠭᠳᠡᠪᠡ᠃ ᠭᠤᠸᠠ ᠵᠢᠮᠢᠰ ᠤᠨ ᠲᠦᠷᠦᠯ ᠤᠨ ᠲᠠᠷᠢᠭᠰᠠᠨ ᠲᠠᠯᠠᠪᠠᠢ 361.91 ᠮᠦ ᠬᠦᠷᠴᠦ᠂ ᠠᠳᠠᠯᠢ ᠬᠤᠭᠤᠴᠠᠭᠠᠨ ᠤ ᠬᠢ ᠠᠴᠠ 62.8% ᠪᠠᠷ ᠨᠡᠮᠡᠭᠳᠡᠵᠦ᠂ ᠭᠠᠷᠤᠯᠲᠠ 942.24 ᠲᠣᠨ ᠬᠦᠷᠴᠦ᠂ ᠠᠳᠠᠯᠢ ᠬᠤᠭᠤᠴᠠᠭᠠᠨ ᠤ ᠬᠢ ᠠᠴᠠ 230.9% ᠪᠠᠷ ᠨᠡᠮᠡᠭᠳᠡᠪᠡ᠃ ᠴᠡᠴᠡᠷᠯᠢᠭ ᠤᠨ ᠵᠢᠮᠢᠰ ᠤᠨ ᠲᠠᠯᠠᠪᠠᠶ 4966.21 ᠮᠥ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 2.17% ᠪᠠᠷ ᠪᠠᠭᠤᠷᠠᠵᠤ᠂ ᠭᠠᠷᠤᠯᠲᠠ ᠨᠢ 3007.18 ᠲᠣᠨ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 16.06% ᠪᠠᠷ ᠪᠠᠭᠤᠷᠠᠪᠠ᠃      ᠬᠤᠶᠠᠷ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶ ᠠᠯᠬᠤᠮ ᠠᠯᠬᠤᠮ ᠢᠶᠠᠷ ᠳᠡᠭᠡᠭᠰᠢᠯᠡᠪᠡ᠃      2023 ᠣᠨ ᠳᠤ ᠪᠥᠬᠦ ᠲᠤᠭᠤᠷᠢᠭ ᠤᠨ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠦᠢᠯᠡᠳᠬᠦᠨ ᠤ ᠶᠡᠷᠦᠩᠬᠡᠶ ᠥᠷᠲᠡᠭ 368.9 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 14.9% ᠪᠠᠷ ᠪᠠᠭᠤᠷᠠᠵᠤ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠤᠨ ᠨᠡᠮᠡᠭᠳᠡᠯ ᠤᠨ ᠬᠤᠷᠳᠤᠴᠠ ᠠᠳᠠᠯᠢ ᠬᠤᠭᠤᠴᠠᠭᠠᠨ ᠤ ᠬᠢ ᠠᠴᠠ 1.2% ᠢᠶᠠᠷ ᠨᠡᠮᠡᠭᠳᠡᠪᠡ᠃ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠤᠨ ᠨᠡᠮᠡᠭᠳᠡᠯ ᠤᠨ ᠬᠤᠷᠳᠤᠴᠠ 2022 ᠣᠨ ᠤ ︵ᠠᠳᠠᠯᠢ ᠬᠤᠭᠤᠴᠠᠭᠠᠨ ᠤ ᠬᠢ ᠠᠴᠠ 2.5% ᠪᠠᠷ ᠪᠠᠭᠤᠷᠠᠪᠠ︶ ᠲᠠᠢ ᠬᠠᠷᠢᠴᠠᠭᠤᠯᠪᠠᠯ 3.7 ᠵᠠᠭᠤᠨ ᠤ ᠴᠡᠭ ᠳᠡᠭᠡᠭᠰᠢᠯᠡᠪᠡ᠃ ᠦᠢᠯᠡᠳᠪᠦᠷᠢᠯᠡᠯ ᠪᠣᠷᠣᠯᠠᠭᠤᠯᠭ᠎ᠠ ᠶᠢᠨ ᠨᠣᠷᠮ᠎ᠠ 99% ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 1.3% ᠪᠠᠷ ᠨᠡᠮᠡᠭᠳᠡᠪᠡ᠃      ᠭᠤᠣᠯ ᠪᠣᠯᠬᠤ ᠦᠢᠯᠡᠳᠬᠦᠨ ᠤ ᠭᠠᠷᠤᠯᠲᠠ ᠠᠴᠠ ᠦᠵᠡᠪᠡᠯ᠂ ᠲᠦᠭᠦᠬᠡᠶ ᠨᠡᠭᠦᠷᠡᠰᠦᠨ ᠤ ᠭᠠᠷᠤᠯᠲᠠ 1125.2 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 2.4% ᠪᠠᠷ ᠪᠠᠭᠤᠷᠠᠪᠠ︔ ᠴᠠᠬᠢᠯᠭᠠᠨ ᠭᠠᠷᠭᠠᠭᠰᠠᠨ ᠬᠡᠮᠵᠢᠶ᠎ᠡ 63.9 ᠳ᠋ᠦᠩᠰᠢᠭᠤᠷ ᠺᠢᠯᠣᠸᠠᠲ ᠴᠠᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 24.5% ᠪᠠᠷ ᠨᠡᠮᠡᠭᠳᠡᠪᠡ︔ ᠬᠡᠦᠷᠰᠦ ᠶᠢᠨ ᠭᠠᠷᠤᠯᠲᠠ 146.8 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 8.7% ᠪᠠᠷ ᠪᠠᠭᠤᠷᠠᠪᠠ︔ ᠰᠢᠲᠠᠭᠠᠭᠰᠠᠨ ᠬᠤᠵᠢᠷ ︵100%︶ ᠤᠨ ᠭᠠᠷᠤᠯᠲᠠ 53.6 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 2.3% ᠪᠠᠷ ᠨᠡᠮᠡᠭᠳᠡᠪᠡ︔ PVC ᠭᠠᠷᠤᠯᠲᠠ 68.6 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 1.6% ᠪᠠᠷ ᠨᠡᠮᠡᠭᠳᠡᠪᠡ︔ ᠴᠠᠬᠢᠯᠠᠭᠤᠷ ᠴᠢᠯᠠᠭᠤᠨ ᠤ ᠭᠠᠷᠤᠯᠲᠠ 178.7 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 12.9% ᠪᠠᠷ ᠨᠡᠮᠡᠭᠳᠡᠪᠡ︔ ᠲᠡᠮᠦᠷ ᠤᠨ ᠬᠠᠶᠢᠯᠤᠰᠢ ᠶᠢᠨ ᠭᠠᠷᠤᠯᠲᠠ 7.4 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 49.9% ᠪᠠᠷ ᠨᠡᠮᠡᠭᠳᠡᠪᠡ︔ ᠲᠡᠮᠦᠷ ᠤᠨ ᠬᠠᠶᠢᠯᠤᠰᠢ ᠶᠢᠨ ᠭᠠᠷᠤᠯᠲᠠ 7.4 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 51.3% ᠪᠠᠷ ᠨᠡᠮᠡᠭᠳᠡᠪᠡ᠃      ᠭᠤᠷᠪᠠ᠂ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠲᠣᠭᠲᠠᠭᠤᠨ ᠢᠶᠠᠷ ᠨᠡᠮᠡᠭᠳᠡᠪᠡ      2023 ᠣᠨ ᠳᠤ ᠪᠥᠬᠦ ᠲᠤᠭᠤᠷᠢᠭ ᠤᠨ ᠲᠣᠭᠲᠠᠮᠠᠯ ᠬᠥᠷᠥᠩᠭᠡ ᠶᠢᠨ ᠪᠠᠯᠠ ᠣᠷᠣᠭᠤᠯᠤᠯᠲᠠ ᠶᠢ 96.3 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 44 % ᠪᠠᠷ ᠨᠡᠮᠡᠭᠳᠡᠪᠡ᠃      12 ᠳ᠋ᠤᠭᠠᠷ ᠰᠠᠷ᠎ᠠ ᠶᠢᠨ ᠰᠡᠭᠦᠯᠴᠢ ᠪᠣᠯᠲᠠᠯ᠎ᠠ᠂ ᠮᠠᠨ ᠤ ᠲᠤᠭᠤᠷᠢᠭ ᠤᠨ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ ᠨᠡᠶᠢᠲᠡ 79 ᠪᠠᠷᠢᠯᠭ᠎ᠠ ᠡᠬᠢᠯᠡᠭᠦᠯᠪᠡ᠃      ᠪᠦᠲᠦᠭᠡᠨ ᠪᠠᠶᠢᠭᠤᠯᠤᠯᠲᠠ ᠶᠢᠨ ᠰᠢᠨᠵᠢ ᠴᠢᠨᠠᠷ ᠤᠨ ᠬᠤᠪᠢᠶᠠᠷᠢᠯᠠᠯ ᠶᠣᠰᠣᠭᠠᠷ᠄ ᠰᠢᠨ᠎ᠡ ᠪᠠᠷ ᠪᠠᠶᠢᠭᠤᠯᠤᠭᠰᠠᠨ ᠲᠥᠷᠥᠯ ᠵᠦᠢᠯ ᠨᠢ ᠲᠣᠰ ᠵᠢᠯ ᠳᠤ ᠠᠳᠠᠯᠢ ᠬᠤᠭᠤᠴᠠᠭᠠᠨ ᠤ ᠬᠢ ᠠᠴᠠ 45.3% ᠪᠠᠷ ᠨᠡᠮᠡᠭᠳᠡᠪᠡ︔ ᠥᠭᠡᠷᠡᠴᠢᠯᠡᠨ ᠪᠠᠶᠢᠭᠤᠯᠤᠭᠰᠠᠨ ᠪᠠ ᠮᠡᠷᠭᠡᠵᠢᠯ ᠤᠨ ᠥᠭᠡᠷᠡᠴᠢᠯᠡᠯᠲᠡ ᠶᠢᠨ ᠲᠥᠷᠥᠯ ᠵᠦᠢᠯ ᠨᠢ ᠲᠣᠰ ᠵᠢᠯ ᠳᠤ ᠠᠳᠠᠯᠢ ᠬᠤᠭᠤᠴᠠᠭᠠᠨ ᠤ ᠬᠢ ᠠᠴᠠ 22.5% ᠪᠠᠷ ᠨᠡᠮᠡᠭᠳᠡᠪᠡ᠃      ᠪᠦᠷᠢᠯᠳᠦᠯ ᠤᠨ ᠪᠠᠶᠢᠳᠠᠯ ᠢᠶᠠᠷ ᠬᠤᠪᠢᠶᠠᠷᠢᠯᠠᠬᠤ᠄ ᠪᠠᠷᠢᠯᠭ᠎ᠠ ᠶᠢᠨ ᠤᠭᠰᠠᠷᠠᠬᠤ ᠢᠨᠵᠧᠨᠧᠷᠢᠩ ᠤᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 20.7% ᠪᠠᠷ ᠨᠡᠮᠡᠭᠳᠡᠵᠦ᠂ ᠲᠥᠬᠦᠭᠡᠷᠦᠮᠵᠢ ᠪᠠᠭᠠᠵᠢ ᠬᠡᠷᠡᠭᠰᠡᠯ ᠬᠤᠳᠠᠯᠳᠤᠨ ᠠᠪᠬᠤ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 67.6% ᠪᠠᠷ ᠨᠡᠮᠡᠭᠳᠡᠪᠡ︔ ᠪᠤᠰᠤᠳ ᠵᠠᠷᠤᠳᠠᠯ ᠤᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 68.4% ᠪᠠᠷ ᠨᠡᠮᠡᠭᠳᠡᠪᠡ᠃      ᠠᠵᠤ ᠦᠢᠯᠡᠰ ᠤᠨ ᠲᠥᠷᠥᠯ ᠢᠯᠭᠠᠯ ᠤᠨ ᠬᠤᠪᠢᠶᠠᠷᠢᠯᠠᠯᠲᠠ ᠪᠠᠷ ᠬᠤᠶᠠᠳᠤᠭᠠᠷ ᠠᠵᠤ ᠦᠢᠯᠡᠰ ᠤᠨ ᠪᠡᠯᠡ ᠣᠷᠣᠭᠤᠯᠤᠯᠲᠠ ᠶᠢ ᠠᠳᠠᠯᠢ ᠬᠤᠭᠤᠴᠠᠭᠠᠨ ᠤ ᠬᠢ ᠠᠴᠠ 64.5% ᠪᠠᠷ ᠨᠡᠮᠡᠭᠳᠡᠭᠦᠯᠪᠡ︔ ᠭᠤᠷᠪᠠᠳᠤᠭᠠᠷ ᠠᠵᠤ ᠦᠢᠯᠡᠰ ᠤᠨ ᠲᠥᠷᠥᠯ ᠵᠦᠢᠯ ᠤᠨ ᠪᠡᠯᠡ ᠣᠷᠣᠭᠤᠯᠤᠯᠲᠠ ᠶᠢ ᠠᠳᠠᠯᠢ ᠬᠤᠭᠤᠴᠠᠭᠠᠨ ᠤ ᠬᠢ ᠠᠴᠠ 3.9% ᠪᠠᠷ ᠪᠠᠭᠤᠷᠠᠭᠤᠯᠪᠠ᠃      ᠠᠵᠢᠯ ᠲᠥᠷᠥᠯ ᠤᠨ ᠬᠤᠪᠢᠶᠠᠷᠢᠯᠠᠯᠳᠠ ᠪᠠᠷ᠂ ᠲᠠᠷᠢᠶᠠᠯᠠᠩ ᠣᠶ ᠰᠢᠭᠤᠶ ᠮᠠᠯ ᠠᠵᠤ ᠠᠬᠤᠶ ᠵᠢᠭᠠᠰᠤᠨ ᠠᠵᠤ ᠠᠬᠤᠶ ᠶᠢᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 21.1% ᠪᠠᠷ ᠪᠠᠭᠤᠷᠠᠪᠠ︔ ᠠᠭᠤᠷᠬᠠᠶ ᠮᠠᠯᠲᠠᠬᠤ ᠪᠠ ᠤᠬᠢᠶᠠᠵᠤ ᠰᠢᠯᠢᠬᠦ ᠦᠢᠯᠡᠰ ᠤᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 41.7% ᠪᠠᠷ ᠪᠠᠭᠤᠷᠠᠪᠠ︔ ᠦᠢᠯᠡᠳᠬᠦ ᠦᠢᠯᠡᠰ ᠤᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 69.4% ᠪᠠᠷ ᠨᠡᠮᠡᠭᠳᠡᠪᠡ︔ ᠴᠠᠬᠢᠯᠭᠠᠨ ᠬᠦᠴᠦ᠂ ᠢᠯᠴᠢ᠂ ᠰᠢᠲᠠᠮᠠᠬᠠᠶ ᠬᠡᠢ ᠵᠢᠴᠢ ᠤᠰᠤᠨ ᠤ ᠦᠢᠯᠡᠳᠪᠦᠷᠢᠯᠡᠯ ᠪᠠ ᠬᠠᠩᠭᠠᠯᠭ᠎ᠠ ᠶᠢᠨ ᠦᠢᠯᠡᠰ ᠤᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 316.3% ᠪᠠᠷ ᠨᠡᠮᠡᠭᠳᠡᠪᠡ︔ ᠵᠠᠮ ᠲᠡᠭᠡᠭᠡᠪᠦᠷᠢ᠂ ᠬᠥᠮᠥᠷᠭᠡᠯᠡᠨ ᠬᠠᠳᠠᠭᠠᠯᠠᠬᠤ ᠪᠠ ᠰᠢᠤᠳᠠᠨ ᠤ ᠦᠢᠯᠡᠰ ᠤᠨ ᠪᠡᠯᠡ ᠣᠷᠣᠭᠤᠯᠤᠯᠲᠠ ᠠᠳᠠᠯᠢ ᠬᠤᠭᠤᠴᠠᠭᠠᠨ ᠤ ᠬᠢ ᠠᠴᠠ 135.8% ᠪᠠᠷ ᠨᠡᠮᠡᠭᠳᠡᠪᠡ᠃      ᠳᠥᠷᠪᠡ᠂ ᠬᠡᠷᠡᠭᠯᠡᠭᠡᠨ ᠤ ᠵᠠᠬ᠎ᠠ ᠳᠡᠯᠭᠡᠭᠦᠷ ᠯᠠᠪᠳᠠᠭᠤᠨ ᠢᠶᠠᠷ ᠤᠷᠤᠭᠰᠢᠯᠠᠪᠠ      2023 ᠣᠨ ᠳᠤ ᠪᠥᠬᠦ ᠲᠤᠭᠤᠷᠢᠭ ᠤᠨ ᠨᠡᠶᠢᠭᠡᠮ ᠤᠨ ᠬᠡᠷᠡᠭᠯᠡᠭᠡᠨ ᠤ ᠵᠦᠢᠯ ᠤᠨ ᠵᠢᠵᠢᠭᠯᠡᠨ ᠬᠤᠳᠠᠯᠳᠤᠭᠰᠠᠨ ᠪᠥᠬᠦ ᠲᠤᠭ᠎ᠠ 14.47 ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 4.8% ᠪᠠᠷ ᠨᠡᠮᠡᠭᠳᠡᠨ᠂ 2022 ᠣᠨ ᠳᠤ ︵ᠠᠳᠠᠯᠢ ᠬᠤᠭᠤᠴᠠᠭᠠᠨ ᠤ ᠬᠢ ᠠᠴᠠ 1.0% ᠪᠠᠷ ᠪᠠᠭᠤᠷᠠᠪᠠ︶ 5.8 ᠵᠠᠭᠤᠨ ᠤ ᠨᠢᠭᠡᠴᠢ ᠳᠡᠭᠡᠭᠰᠢᠯᠡᠪᠡ᠃ ᠲᠠᠸᠠᠷ ᠤᠨ ᠪᠣᠷᠣᠯᠠᠭᠤᠯᠤᠯᠲᠠ ᠶᠢᠨ ᠬᠡᠮᠵᠢᠶ᠎ᠡ 77.94 ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 23% ᠪᠠᠭᠤᠷᠠᠪᠠ᠃ ᠡᠭᠦᠨ ᠳᠤ᠂ ᠪᠥᠭᠡᠮ ᠢᠶᠠᠷ ᠬᠤᠳᠠᠯᠳᠤᠬᠤ ᠦᠢᠯᠡᠰ 67.2 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 26.3% ᠪᠠᠷ ᠪᠠᠭᠤᠷᠠᠪᠠ︔ ᠵᠢᠵᠢᠭᠯᠡᠨ ᠬᠤᠳᠠᠯᠳᠤᠬᠤ ᠦᠢᠯᠡᠰ 10.74 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 7.9% ᠪᠠᠷ ᠨᠡᠮᠡᠭᠳᠡᠪᠡ᠃ ᠬᠤᠨᠣᠭᠯᠠᠬᠤ ᠦᠢᠯᠡᠰ 0.16 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 28% ᠪᠠᠷ ᠨᠡᠮᠡᠭᠳᠡᠪᠡ︔ ᠢᠳᠡᠭᠡᠨ ᠤᠮᠳᠠᠭᠠᠨ ᠤ ᠦᠢᠯᠡᠰ 1.92 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 23.8% ᠪᠠᠷ ᠨᠡᠮᠡᠭᠳᠡᠪᠡ᠃      ᠲᠠᠪᠤ᠂ ᠦᠢᠯᠡᠴᠢᠯᠡᠭᠡᠨ ᠤ ᠦᠢᠯᠡᠰ ᠬᠡᠪ ᠤᠨ ᠪᠠᠶᠢᠳᠠᠯ ᠳᠤ ᠣᠷᠣᠭᠰᠠᠨ ᠪᠠᠶᠢᠨ᠎ᠠ      2023 ᠣᠨ ᠤ 1 ᠰᠠᠷ᠎ᠠ ᠠᠴᠠ 11 ᠰᠠᠷ᠎ᠠ ᠪᠣᠯᠲᠠᠯ᠎ᠠ ᠪᠥᠬᠦ ᠲᠤᠭᠤᠷᠢᠭ ᠤᠨ ᠬᠡᠪᠴᠢᠶᠡᠵᠢᠯ ᠠᠴᠠ ᠳᠡᠭᠡᠭᠰᠢᠬᠢ ᠦᠢᠯᠡᠴᠢᠯᠡᠭᠡᠨ ᠤ ᠦᠢᠯᠡᠰ ᠤᠨ ᠲᠣᠭᠠᠴᠠᠭ᠎ᠠ ᠬᠢᠬᠦ ᠠᠵᠤ ᠠᠬᠤᠶᠢᠯᠠᠯ ᠤᠨ ᠡᠵᠡᠩᠨᠡᠯᠲᠡ ᠶᠢᠨ ᠣᠷᠣᠯᠭ᠎ᠠ ᠶᠢ 3.39 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 8.37% ᠪᠠᠷ ᠨᠡᠮᠡᠭᠳᠡᠪᠡ᠃ ᠵᠢᠷᠭᠤᠭᠠᠨ ᠶᠡᠭᠡ ᠠᠵᠢᠯ ᠲᠥᠷᠥᠯ ᠨᠢ ︽ᠬᠤᠶᠠᠷ ᠢ ᠨᠡᠮᠡᠭᠳᠡᠭᠦᠯᠵᠦ ᠳᠥᠷᠪᠡ ᠶᠢ ᠪᠠᠭᠤᠷᠠᠭᠤᠯᠬᠤ︾ ᠶᠢ ᠪᠡᠶᠡᠯᠡᠭᠦᠯᠪᠡ᠂ ᠡᠭᠦᠨ ᠳᠤ ᠲᠦᠷᠢᠶᠡᠰᠦᠯᠡᠬᠦ ᠪᠠ ᠬᠤᠳᠠᠯᠳᠤᠭᠠᠨ ᠤ ᠶᠠᠪᠤᠳᠠᠯ ᠤᠨ ᠦᠢᠯᠡᠴᠢᠯᠡᠭᠡᠨ ᠤ ᠦᠢᠯᠡᠰ 18.50% ᠪᠠᠷ ᠨᠡᠮᠡᠭᠳᠡᠪᠡ︔ ᠠᠴᠢᠶᠠᠯᠠᠵᠤ ᠪᠠᠭᠤᠯᠭᠠᠬᠤ ᠵᠥᠭᠡᠭᠡᠪᠦᠷᠢᠯᠡᠬᠦ ᠪᠠ ᠬᠥᠮᠥᠷᠭᠡᠯᠡᠨ ᠬᠠᠳᠠᠭᠠᠯᠠᠬᠤ ᠦᠢᠯᠡᠰ 7.82% ᠢᠶᠠᠷ ᠨᠡᠮᠡᠭᠳᠡᠪᠡ᠃      ᠵᠢᠷᠭᠤᠭ᠎ᠠ᠂ ᠡᠳ᠋ ᠤᠨ ᠵᠠᠰᠠᠭ ᠤᠨ ᠣᠷᠣᠯᠭ᠎ᠠ ᠲᠣᠭᠲᠠᠭᠤᠨ ᠤ ᠳᠤᠮᠳᠠ ᠠᠬᠢᠯᠲᠠ ᠲᠠᠢ ᠪᠣᠯᠪᠠ      2023 ᠣᠨ ᠳᠤ ᠪᠥᠬᠦ ᠲᠤᠭᠤᠷᠢᠭ ᠤᠨ ᠡᠩ ᠤᠨ ᠣᠯᠠᠨ ᠨᠡᠶᠢᠲᠡ ᠶᠢᠨ ᠲᠥᠰᠦᠪ ᠤᠨ ᠣᠷᠣᠯᠭ᠎ᠠ ᠶᠢ 17.11 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 10.5% ᠨᠡᠮᠡᠭᠳᠡᠪᠡ᠃ ᠡᠭᠦᠨ ᠳᠤ᠂ ᠭᠠᠶᠢᠯᠢ ᠲᠠᠲᠠᠪᠤᠷᠢ ᠶᠢᠨ ᠣᠷᠣᠯᠭ᠎ᠠ 15.11 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 13.4% ᠪᠠᠷ ᠨᠡᠮᠡᠭᠳᠡᠪᠡ︔ ᠭᠠᠶᠢᠯᠢ ᠲᠠᠲᠠᠪᠤᠷᠢ ᠶᠢᠨ ᠪᠤᠰᠤ ᠣᠷᠣᠯᠭ᠎ᠠ 2.0 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 7.5% ᠪᠠᠷ ᠪᠠᠭᠤᠷᠠᠪᠠ᠃ ᠪᠥᠬᠦ ᠲᠤᠭᠤᠷᠢᠭ ᠤᠨ ᠡᠩ ᠤᠨ ᠣᠯᠠᠨ ᠨᠡᠶᠢᠲᠡ ᠶᠢᠨ ᠲᠥᠰᠦᠪ ᠤᠨ ᠵᠠᠷᠤᠯᠭ᠎ᠠ 20.6 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 24.7% ᠪᠠᠷ ᠨᠡᠮᠡᠭᠳᠡᠪᠡ᠃      ᠳᠣᠯᠤᠭ᠎ᠠ᠂ ᠰᠠᠭᠤᠭᠠᠯᠢ ᠠᠷᠠᠳ ᠤᠨ ᠡᠵᠡᠮᠳᠡᠵᠦ ᠪᠣᠯᠬᠤ ᠣᠷᠣᠯᠭ᠎ᠠ ᠲᠣᠭᠲᠠᠭᠤᠨ ᠢᠶᠠᠷ ᠬᠥᠭᠵᠢᠪᠡ      2023 ᠣᠨ ᠳᠤ ᠪᠥᠬᠦ ᠲᠤᠭᠤᠷᠢᠭ ᠤᠨ ᠪᠥᠬᠦ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠡᠵᠡᠮᠳᠡᠵᠦ ᠪᠣᠯᠬᠤ ᠣᠷᠣᠯᠭ᠎ᠠ 50466 ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 3.7% ᠪᠠᠷ ᠨᠡᠮᠡᠭᠳᠡᠪᠡ᠃ ᠪᠦᠬᠦ ᠲᠤᠭᠤᠷᠢᠭ ᠤᠨ ᠪᠦᠬᠦ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠬᠡᠷᠡᠭᠯᠡᠭᠡᠨ ᠤ ᠵᠠᠷᠤᠯᠭ᠎ᠠ ᠶᠢ 32735 ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 12.5% ᠪᠠᠷ ᠨᠡᠮᠡᠭᠳᠡᠪᠡ᠃      ᠶᠡᠷᠦᠩᠬᠡᠶ ᠳᠤᠨᠢ ᠠᠪᠴᠤ ᠦᠵᠡᠪᠡᠯ᠂ ᠮᠠᠨ ᠤ ᠲᠣᠭᠤᠷᠢᠭ ᠤᠨ ᠠᠵᠤ ᠠᠬᠤᠶ ᠶᠢ ᠲᠣᠭᠲᠠᠭᠤᠨ ᠪᠠᠶᠢᠯᠭᠠᠬᠤ ᠶᠢ ᠲᠡᠷᠢᠭᠦᠨ ᠳᠤ ᠲᠠᠯᠪᠢᠵᠤ᠂ ᠶᠠᠰᠤ ᠴᠢᠨᠠᠷ ᠲᠤᠭ᠎ᠠ ᠬᠡᠮᠵᠢᠶ᠎ᠡ ᠠᠴᠠ ᠳᠠᠪᠠᠭᠤᠯᠢᠭ ᠪᠠᠶᠢᠯᠭᠠᠵᠤ᠂ ᠠᠵᠤ ᠠᠬᠤᠶ ᠶᠢᠨ ᠶᠡᠭᠡ ᠲᠠᠯ᠎ᠠ ᠶᠢ ᠲᠣᠭᠲᠠᠪᠤᠷᠢᠵᠢᠭᠤᠯᠵᠤ᠂ ᠠᠮᠤᠷ ᠲᠦᠪᠰᠢᠨ ᠤ ᠬᠤᠷᠢᠭ᠎ᠠ ᠱᠤᠭᠤᠮ ᠢ ᠪᠠᠲᠤ ᠰᠠᠬᠢᠵᠤ᠂ 2024 ᠣᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠴᠡᠶ᠃ 
 
ᠢᠷᠡᠯᠲᠡ᠄ ᠣᠳᠠ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号