1.ᠲᠤᠲᠤᠷᠭ᠎ᠠ ᠪᠤᠳᠠᠭ᠎ᠠ+ᠬᠤᠯᠢᠮᠠᠭ ᠪᠤᠷᠴᠠᠭ | ᠰᠤᠳᠤᠯᠭᠠᠨ ᠤ ᠢᠯᠡᠷᠡᠭᠦᠯᠦᠭᠰᠡᠨ ᠢᠶᠠᠷ᠂ ᠬᠠᠷ᠎ᠠ ᠪᠤᠷᠴᠠᠭ᠂ ᠪᠦᠷᠭᠦᠳ ᠤᠨ ᠬᠤᠰᠢᠭᠤᠲᠤ ᠪᠤᠷᠴᠠᠭ᠂ ᠠᠯᠠᠭ | ᠱᠣᠰᠢ᠂ ᠬᠠᠷ᠎ᠠ ᠱᠣᠰᠢ ᠶᠢ ᠲᠤᠲᠤᠷᠭ᠎ᠠ ᠲᠠᠢ ᠬᠠᠮᠲᠤ ᠢᠳᠡᠪᠡᠯ ᠬᠤᠭᠤᠯᠠᠨ ᠤ ᠲᠠᠷᠠᠭᠠᠬᠢ ᠴᠢᠰᠤᠨ ᠰᠢᠬᠢᠷ ᠤᠨ ᠤᠷᠪᠠᠯ | ᠢ ᠢᠯᠡᠳᠲᠡ ᠪᠠᠭᠤᠷᠠᠭᠤᠯᠤᠨ᠎ᠠ᠂ ᠬᠠᠪᠲᠠᠭᠠᠶ ᠪᠤᠷᠴᠠᠭ ᠪᠤᠯᠤᠨ ᠪᠤᠳᠠᠭ᠎ᠠ ᠶᠢ ᠬᠠᠭᠠᠰ ᠬᠠᠭᠠᠰ ᠬᠤᠯᠢᠵᠤ ᠵᠢᠩᠨᠡᠵᠦ | ᠢᠳᠡᠪᠡᠯ᠂ ᠬᠤᠭᠤᠯᠠᠨ ᠤ ᠲᠠᠷᠠᠭᠠᠬᠢ ᠴᠢᠰᠤᠨ ᠰᠢᠬᠢᠷ ᠤᠨ ᠤᠷᠪᠠᠯ ᠢ 20% ᠪᠠᠷ ᠪᠠᠭᠤᠷᠠᠭᠤᠯᠤᠨ᠎ᠠ᠃ | 2.ᠲᠤᠲᠤᠷᠭ᠎ᠠ ᠪᠤᠳᠠᠭ᠎ᠠ+ᠨᠣᠬᠠᠢ ᠶᠢᠨ ᠬᠤᠰᠢᠭᠤ ᠶᠢᠨ ᠪᠤᠳᠠᠭ᠎ᠠ | ᠪᠦᠬᠦ ᠮᠥᠬᠦᠯᠢᠭᠲᠦ ᠨᠣᠬᠠᠶ ᠶᠢᠨ ᠬᠤᠰᠢᠭᠤ ᠪᠠ ᠴᠠᠶᠢᠯᠭᠠᠬᠰᠠᠨ ᠨᠣᠬᠠᠶ ᠶᠢᠨ ᠬᠤᠰᠢᠭᠤ ᠶᠢ ᠲᠤᠰ ᠲᠤᠰ | ᠪᠤᠳᠠᠭ᠎ᠠ ᠳ᠋ᠠᠢᠪᠠᠨ ᠳᠡᠭᠡᠨ 1᠄ 1 ᠬᠠᠷᠢᠴᠠᠯ ᠢᠶᠠᠷ ᠬᠤᠯᠢᠵᠤ ᠴᠢᠨᠠᠬᠤ ᠦᠶᠡᠰ᠂ ᠪᠠᠶᠢᠡᠭᠭᠤ ᠶᠢᠨ ᠲᠠᠷᠤᠯᠳᠠᠳᠦ | ᠲᠤᠭᠤᠭᠠᠨ ᠳᠤ ᠴᠢᠨᠠᠬᠤ ᠪᠤᠶᠤ ᠦᠨᠳᠦᠷ ᠲᠠᠷᠤᠯᠳᠠᠳᠦ ᠲᠤᠭᠤᠭᠠᠨ ᠳᠤ ᠴᠢᠨᠠᠬᠤ ᠨᠢ ᠴᠢᠰᠦᠨ ᠰᠢᠬᠢᠷ ᠢ ᠴᠢᠨᠢ | ᠬᠢᠵᠠᠭᠠᠷᠯᠠᠵᠤ ᠴᠢᠳᠠᠨ᠎ᠠ᠃ | 3.ᠲᠤᠲᠤᠷᠭ᠎ᠠ ᠪᠤᠳᠠᠭ᠎ᠠ+ᠡᠷᠳᠡᠨᠢ ᠰᠢᠰᠢ | ᠡᠷᠳᠡᠨᠢ ᠰᠢᠰᠢ ᠪᠠ ᠲᠤᠲᠤᠷᠭ᠎ᠠ ᠶᠢ ᠬᠤᠯᠢᠵᠦ ᠢᠳᠡᠪᠡᠯ ᠴᠢᠰᠦᠨ ᠰᠢᠭᠢᠷ ᠢ ᠴᠢᠨᠢ ᠬᠢᠵᠠᠭᠠᠷᠯᠠᠵᠤ᠂ | ᠬᠤᠭᠤᠯᠠᠨ ᠤ ᠲᠠᠷᠠᠭᠠᠬᠢ ᠴᠢᠰᠤᠨ ᠰᠢᠬᠢᠷ ᠤᠨ ᠲᠡᠭᠡᠭᠰᠢᠯᠡᠬᠦ ᠶᠢ ᠤᠳᠠᠭᠠᠰᠢᠷᠠᠭᠤᠯᠳᠠᠭ᠃ ᠡᠭᠦᠨ ᠤ ᠬᠠᠮᠲᠤ ᠡᠷᠳᠡᠨᠢ | ᠰᠢᠰᠢ ᠳ᠋ᠤᠪᠠᠰᠠ ᠡᠯᠪᠡᠭ ᠲᠡᠯᠪᠡᠭ ᠢᠳᠡᠭᠡᠨ ᠤ ᠰᠢᠷᠬᠡᠭᠯᠢᠭ ᠡᠳ᠋᠂ ᠸᠢᠲ᠋ᠠᠮᠢᠨ B ᠶᠢᠨ ᠠᠶᠢᠮᠠᠭ᠂ ᠡᠷᠳᠡᠨᠢ ᠰᠢᠰᠢ ᠶᠢᠨ | ᠰᠢᠷ᠎ᠠ ᠡᠳ᠋᠂ ᠺᠠᠯᠢ ᠪᠣᠯᠤᠨ ᠺᠠᠯᠼ ᠤᠨ ᠠᠭᠤᠯᠤᠭᠳᠠᠴᠠ ᠴᠤ ᠨᠡᠯᠢᠶᠡᠳ ᠰᠠᠶᠢᠨ ᠪᠠᠶᠢᠳᠠᠭ᠃ | 4. ᠲᠤᠲᠤᠷᠭ᠎ᠠ ᠪᠤᠳᠠᠭ᠎ᠠ+ᠠᠯᠠᠭ ᠲᠤᠲᠤᠷᠭ᠎ᠠ | ᠠᠯᠠᠭ ᠲᠤᠲᠤᠷᠭ᠎ᠠ ᠢᠳᠡᠬᠦ ᠶᠢ ᠴᠠᠭᠠᠨ ᠲᠤᠲᠤᠷᠭ᠎ᠠ ᠢᠳᠡᠬᠦ ᠲᠠᠢ ᠬᠠᠷᠢᠴᠠᠭᠤᠯᠪᠠᠯ᠂ ᠡᠳᠦᠷ ᠤᠨ ᠲᠤᠮᠳᠠᠴᠢ | ᠴᠢᠰᠤᠨ ᠰᠢᠬᠢᠷ ᠤᠨ ᠲᠠᠯᠠᠪᠠᠶ ᠨᠢ 19.8% ᠪᠠᠷ ᠪᠠᠭᠤᠷᠠᠳᠠᠭ᠂ ᠠᠯᠠᠭ ᠲᠤᠲᠤᠷᠭ᠎ᠠ ᠶᠢ ᠡᠯᠳᠡᠪ ᠵᠦᠯ ᠤᠨ ᠪᠤᠷᠴᠠᠭ | ᠲᠠᠢ ᠬᠤᠯᠢᠵᠤ ᠢᠳᠡᠪᠡᠯ ᠴᠢᠰᠦᠨ ᠰᠢᠬᠢᠷ ᠢ 22.9% ᠪᠠᠷ ᠪᠠᠭᠤᠷᠠᠭᠤᠯᠬᠤ ᠪᠦᠭᠡᠳ ᠨᠦᠷ ᠤᠨ ᠠᠷᠠᠯ ᠤᠨ | ᠡᠳ᠋ ᠤᠨ ᠰᠣᠷᠭᠤᠭ ᠴᠢᠨᠠᠷ ᠢ ᠴᠥᠮ ᠲᠡᠭᠡᠭᠰᠢᠯᠡᠭᠦᠯᠳᠡᠭ᠃ | ᠪᠤᠳᠠᠭ᠎ᠠ ᠶᠢ ᠢᠡᠭᠭᠢᠵᠦ ᠢᠳᠡᠪᠡᠯ ᠴᠢᠰᠦᠨ ᠰᠢᠬᠢᠷ ᠢ ᠨᠠᠩ ᠰᠠᠶᠢᠨ ᠬᠢᠵᠠᠭᠠᠷᠯᠠᠵᠤ ᠲᠡᠶᠢᠯᠦᠨ᠎ᠡ᠃ | 1.ᠲᠤᠲᠤᠷᠭ᠎ᠠ ᠪᠤᠳᠠᠭ᠎ᠠ ᠢᠳᠡᠬᠦᠳᠡᠭᠡᠨ ᠡᠳᠡᠭᠡᠷ ᠢ ᠬᠤᠯᠢᠵᠦ ᠢᠳᠡᠭᠡᠷᠡᠢ᠄ ᠲᠤᠲᠤᠷᠭ᠎ᠠ | ᠪᠤᠳᠠᠭ᠎ᠠ+ᠤᠭᠤᠷᠠᠭᠲᠤ ᠢᠳᠡᠭᠡᠨ᠂ ᠲᠤᠲᠤᠷᠭ᠎ᠠ ᠪᠤᠳᠠᠭ᠎ᠠ+ ᠢᠳᠡᠰᠢᠨ ᠨᠣᠭᠤᠭ᠎ᠠ᠃ ᠠᠩᠬᠠᠷᠤᠭᠤᠰᠢᠲᠠᠶ ᠨᠢ | ᠴᠠᠷᠳᠠᠭᠤᠯ ᠤᠨ ᠪᠤᠰᠤ ᠲᠥᠷᠥᠯ ᠤᠨ ᠢᠳᠡᠰᠢᠨ ᠨᠣᠭᠤᠭ᠎ᠠ ᠲᠠᠢ ᠬᠤᠯᠢᠵᠦ ᠢᠳᠡᠬᠦ ᠶᠢ ᠰᠠᠨᠠᠭᠤᠯᠤᠶ᠎ᠠ᠂ ᠵᠢᠱᠢᠶᠡᠯᠡᠪᠡᠯ | ᠵᠢᠵᠢᠭ ᠴᠠᠭᠠᠨ ᠨᠣᠭᠤᠭ᠎ᠠ᠂ ᠪᠦᠸᠧᠼᠠᠢ ᠨᠣᠭᠤᠭ᠎ᠠ᠂ ᠬᠥᠨᠳᠡᠶ ᠭᠤᠤᠯᠳᠦ ᠨᠣᠭᠤᠭ᠎ᠠ ᠵᠡᠷᠭᠡ ᠨᠣᠭᠤᠭᠠᠨ ᠨᠠᠪᠴᠢᠲᠤ | ᠨᠣᠭᠤᠭ᠎ᠠ ᠪᠤᠶᠤ ᠬᠠᠰᠢ᠂ ᠲᠥᠪᠡᠳ ᠬᠠᠰᠢ᠂ ᠳ᠋ᠦᠩᠭᠤᠸᠠ ᠵᠡᠷᠭᠡ ᠭᠤᠸ᠎ᠠ ᠬᠠᠰᠢ ᠶᠢᠨ ᠲᠥᠷᠥᠯ ᠤᠨ ᠢᠳᠡᠰᠢᠨ | ᠨᠣᠭᠤᠭ᠎ᠠ ᠵᠡᠷᠭᠡ ᠶᠢ ᠬᠤᠯᠢᠵᠦ ᠢᠳᠡᠵᠦ ᠪᠣᠯᠤᠨ᠎ᠠ᠃ 2.ᠬᠤᠭᠤᠯᠠᠨ ᠠᠴᠠ ᠡᠮᠦᠨ᠎ᠡ ᠡᠳᠡᠭᠡᠷ ᠢ ᠢᠳᠡᠵᠦ ᠪᠣᠯᠤᠨ᠎ᠠ᠄ | ᠬᠤᠭᠤᠯᠠ ᠢᠳᠡᠬᠦ ᠠᠴᠠ ᠡᠮᠦᠨ᠎ᠡ ᠵᠢᠮᠢᠰ ᠪᠠᠭ᠎ᠠ ᠰᠠᠭ᠎ᠠ ᠢᠳᠡᠪᠡᠯ ᠴᠢᠰᠤᠨ ᠰᠢᠬᠢᠷ ᠢ ᠴᠢᠨᠢ ᠨᠡᠩ ᠰᠠᠶᠢᠨ | ᠬᠢᠵᠠᠭᠠᠷᠯᠠᠵᠤ ᠲᠡᠶᠢᠯᠦᠨ᠎ᠡ᠃ |