ᠭᠤᠣᠯᠳᠠᠭᠤ ᠡᠨᠡ ᠬᠡᠳᠦᠨ ᠪᠡᠶ᠎ᠡ ᠶᠢᠨ ᠪᠠᠶᠢᠴᠠᠭᠠᠯᠲᠠ ᠶᠢᠨ  ᠵᠤᠶᠢᠯᠡᠰ ᠢ ᠠᠩᠬᠠᠷᠬᠤ ᠬᠡᠷᠡᠭᠲᠡᠢ︕
ᠨᠡᠶᠢᠲᠡᠯᠡᠭᠰᠡᠨ ᠴᠠᠭ᠄
2025/3/20
      ᠣᠯᠠᠩᠬᠢ ᠬᠥᠮᠦᠰ ᠪᠡᠶ᠎ᠡ ᠶᠢᠨ ᠪᠠᠶᠢᠴᠠᠭᠠᠯᠲᠠ ᠬᠡᠳᠦᠶ ᠠᠷᠪᠢᠨ ᠪᠣᠯ ᠪᠠᠶᠢᠴᠠᠭᠠᠯᠲᠠ ᠨᠢ ᠲᠡᠳᠦᠶ ᠪᠦᠷᠢᠨ ᠲᠡᠭᠦᠯᠳᠡᠷ ᠪᠣᠯᠤᠨ᠎ᠠ ᠭᠡᠵᠦ ᠦᠵᠡᠳᠡᠭ᠂ ᠵᠠᠷᠢᠮ ᠬᠥᠮᠦᠨ ᠳᠡᠭᠡᠳᠦ ᠰᠢᠨᠵᠢᠯᠡᠬᠦ ᠤᠬᠠᠭᠠᠨ ᠮᠡᠷᠭᠡᠵᠢᠯ ᠪᠤᠶᠤ ᠦᠨᠡᠲᠡᠶ ᠵᠦᠶᠯᠡᠰ ᠢ ᠨᠠᠩ ᠢᠯᠡᠭᠦᠦ ᠠᠩᠬᠠᠷᠴᠤ᠂ ᠴᠢᠰᠤᠨ ᠳᠠᠷᠤᠯᠲᠠ᠂ ᠴᠢᠰᠤᠨ ᠰᠢᠬᠢᠷ ᠵᠡᠷᠭᠡ ᠰᠠᠭᠤᠷᠢ ᠪᠠᠶᠢᠴᠠᠭᠠᠯᠲᠠ ᠶᠢ ᠠᠮᠠᠷᠬᠠᠨ ᠣᠮᠲᠣᠭᠠᠶᠢᠯᠠᠳᠠᠭ᠂ ᠡᠲᠡᠭᠡᠷ ᠰᠠᠭᠤᠷᠢ ᠪᠠᠶᠢᠴᠠᠭᠠᠯᠲᠠ ᠶᠢᠨ ᠰᠡᠷᠭᠡᠭ ᠴᠢᠨᠡᠷ ᠨᠢ ᠥᠨᠳᠥᠷ᠂ ᠲᠡᠭᠦᠨ ᠤ ᠠᠴᠢ ᠬᠤᠯᠪᠣᠭᠳᠠᠯ ᠨᠢ ᠶᠡᠷᠦ ᠨᠢ ᠣᠨᠴᠠᠭᠠᠶ ᠪᠠᠶᠢᠴᠠᠭᠠᠯᠲᠠ ᠠᠴᠠ ᠨᠠᠩ ᠶᠡᠭᠡ ᠪᠠᠶᠢᠳᠠᠭ᠃ ᠣᠯᠠᠩᠬᠢ ᠤᠳᠠᠭᠠᠨ ᠴᠢᠨᠠᠷᠲᠠᠶ ᠡᠪᠡᠳᠴᠢᠨ ᠨᠢ ᠡᠬᠢᠨ ᠤ ᠦᠶ᠎ᠡ ᠳᠡᠭᠡᠨ ᠢᠯᠡᠷᠬᠡᠶ ᠢᠯᠡᠷᠡᠯ ᠰᠢᠨᠵᠢ ᠦᠭᠡᠢ ᠪᠠᠶᠢᠳᠠᠭ ᠠᠴᠠ ᠲᠣᠭᠲᠠᠭᠰᠠᠨ ᠬᠤᠭᠤᠴᠠᠭ᠎ᠠ ᠲᠠᠢ ᠪᠠᠷ ᠪᠡᠶ᠎ᠡ ᠪᠠᠨ ᠪᠠᠶᠢᠴᠠᠭᠠᠯᠭᠠᠪᠠᠯ ᠪᠢᠳ᠋ᠨ ᠡᠪᠡᠳᠴᠢᠨ ᠢ ︽ᠡᠷᠲᠡ ᠤᠯᠵᠤ ᠮᠡᠳᠡᠳᠡᠭ︾᠃ ᠡᠪᠡᠳᠴᠢᠨ ᠡᠮᠭᠡᠭ ᠢᠯᠡᠳᠲᠡ ᠢᠯᠡᠷᠡᠯ ᠰᠢᠨᠵᠢ ᠭᠠᠷᠤᠬᠰᠠᠨ ᠤ ᠳᠠᠷᠠᠭ᠎ᠠ ᠰᠠᠶ᠋ᠢ ᠴᠢᠬᠤᠯᠠᠴᠢᠯᠠᠪᠡᠯ ᠡᠮᠨᠡᠨ ᠵᠠᠰᠠᠬᠤ ᠶᠢ ᠰᠠᠭᠠᠲᠠᠭᠠᠵᠤ᠂ ᠮᠠᠭᠤ ᠦᠷ᠎ᠡ ᠳ᠋ᠦᠡᠭ ᠳᠤ ᠬᠦᠷᠳᠡᠭ᠃      ᠠᠳᠠᠯᠢ ᠪᠤᠰᠤ ᠨᠠᠰᠤᠨ ᠤ ᠬᠥᠮᠦᠰ ᠤᠨ ᠪᠡᠶ᠎ᠡ ᠶᠢᠨ ᠪᠠᠶᠢᠴᠠᠭᠠᠯᠲᠠ      ᠰᠤᠷᠭᠠᠭᠤᠯᠢ ᠶᠢᠨ ᠨᠠᠰᠤᠨ ᠤ ᠬᠡᠦᠬᠡᠳ ᠵᠢᠴᠢ ᠵᠠᠯᠠᠭᠤᠴᠤᠳ ᠪᠠᠭᠠᠴᠤᠳ᠄ ᠰᠤᠷᠭᠠᠭᠤᠯᠢ ᠶᠢᠨ ᠲᠣᠬᠢᠷᠠᠭᠤᠯᠤᠯᠲᠠ ᠶᠢ ᠦᠨᠳᠦᠰᠦᠯᠡᠨ ᠪᠡᠶ᠎ᠡ ᠶᠢᠨ ᠪᠠᠶᠢᠴᠠᠭᠠᠯᠲᠠ ᠬᠢᠵᠦ ᠪᠣᠯᠤᠨ᠎ᠠ᠃ ᠬᠡᠦᠬᠡᠳ ᠲᠤ ᠠᠮᠠᠷᠬᠠᠨ ᠰᠢᠮ᠎ᠡ ᠲᠡᠵᠢᠭᠡᠯ ᠳᠤᠲᠠᠭᠳᠠᠬᠤ᠂ ᠣᠶᠢᠷ᠎ᠠ ᠬᠠᠷᠠᠭ᠎ᠠ ᠲᠠᠢ ᠪᠤᠯᠬᠤ᠂ ᠪᠤᠶᠢᠵᠢᠯᠲᠠ ᠤᠳᠠᠭᠠᠰᠢᠷᠠᠬᠤ ᠵᠡᠷᠭᠡ ᠠᠰᠠᠭᠤᠳᠠᠯ ᠭᠠᠷᠳᠠᠭ ᠪᠤᠯᠬᠤᠷ ᠭᠤᠣᠯᠳᠠᠭᠤ ᠪᠤᠶᠢᠵᠢᠯᠲᠠ ᠶᠢᠨ ᠪᠠᠶᠢᠳᠠᠯ ᠪᠠ ᠬᠠᠷᠠᠭ᠎ᠠ ᠶᠢ ᠨᠢ ᠪᠠᠶᠢᠴᠠᠭᠠᠯᠭᠠᠵᠤ ᠪᠣᠯᠤᠨ᠎ᠠ᠂ ᠵᠢᠱᠢᠶᠡᠯᠡᠪᠡᠯ ᠪᠢᠴᠢᠯ ᠡᠯᠧᠮᠧᠨ᠋ᠲ ᠤᠨ ᠪᠠᠶᠢᠴᠠᠭᠠᠯᠲᠠ᠂ ᠬᠠᠷᠠᠭᠠᠨ ᠤ ᠪᠠᠶᠢᠴᠠᠭᠠᠯᠲᠠ᠂ ᠶᠠᠰᠤᠨ ᠤ ᠪᠠᠶᠢᠴᠠᠭᠠᠯᠲᠠ ᠵᠡᠷᠭᠡ ᠶᠢ ᠬᠢᠯᠭᠡᠵᠦ ᠪᠤᠯᠤᠨ᠎ᠠ᠃      18 — 30 ᠨᠠᠰᠤ᠄ ᠡᠨᠡ ᠨᠠᠰᠤᠨ ᠤ ᠬᠥᠮᠦᠰ ᠶᠡᠷᠦ ᠳᠡᠭᠡᠨ ᠪᠡᠶ᠎ᠡ ᠮᠠᠬᠠᠪᠣᠳ ᠨᠢ ᠡᠷᠡᠭᠦᠯ ᠴᠢᠭᠢᠷᠠᠭ ᠪᠠᠶᠢᠳᠠᠭ ᠪᠤᠯᠬᠤᠷ 1 ᠠᠴᠠ 2 ᠵᠢᠯ ᠳᠤ ᠨᠢᠭᠡ ᠤᠳᠠᠭ᠎ᠠ ᠪᠡᠶ᠎ᠡ ᠶᠢᠨ ᠪᠠᠶᠢᠴᠠᠭᠠᠯᠲᠠ ᠬᠢᠯᠭᠡᠵᠦ᠂ ᠴᠢᠰᠤᠨ ᠳᠠᠷᠤᠯᠲᠠ᠂ ᠴᠢᠰᠤᠨ ᠰᠢᠬᠢᠷ᠂ ᠴᠢᠰᠤᠨ ᠤ ᠥᠭᠡᠬᠦ ᠵᠢᠴᠢ ᠡᠯᠢᠭᠡ ᠪᠥᠭᠡᠷᠡᠨ ᠤ ᠠᠵᠢᠯᠯᠠᠭ᠎ᠠ ᠶᠢᠨ ᠡᠩ ᠤᠨ ᠪᠠᠶᠢᠴᠠᠭᠠᠯᠳᠠ ᠶᠢ ᠬᠢᠯᠭᠡᠵᠦ ᠪᠤᠯᠤᠨ᠎ᠠ᠃      30 — 40 ᠨᠠᠰᠤ᠄ ᠵᠢᠯ ᠪᠦᠷᠢ ᠨᠢᠭᠡ ᠤᠳᠠᠭ᠎ᠠ ᠪᠡᠶ᠎ᠡ ᠶᠢᠨ ᠪᠠᠶᠢᠴᠠᠭᠠᠯᠲᠠ ᠬᠢᠯᠭᠡᠬᠦ ᠶᠢ ᠰᠠᠨᠠᠭᠤᠯᠤᠶ᠎ᠠ᠃ ᠣᠨᠴᠠᠭᠠᠶᠢᠯᠠᠨ ᠡᠳᠦᠷ ᠲᠤᠲᠤᠮ ᠤᠨ ᠢᠳᠡᠭᠡᠨ ᠤᠮᠳᠠᠭᠠᠨ ᠨᠢ ᠵᠢᠮ᠎ᠡ ᠬᠠᠤᠯᠢ ᠦᠭᠡᠢ᠂ ᠬᠥᠳᠡᠯᠭᠡᠭᠡᠨ ᠳᠤᠲᠠᠮᠠᠭ᠂ ᠠᠷᠢᠬᠢ ᠲᠠᠮᠠᠬᠢ ᠳᠤ ᠪᠠᠭ᠋ᠠᠲᠠᠢ ᠬᠥᠮᠦᠰ ᠨᠢ ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠵᠡᠷᠭᠡ ᠶᠢᠨ ᠪᠠᠶᠢᠴᠠᠭᠠᠯᠲᠠ ᠶᠢ ᠨᠡᠮᠡᠨ ᠬᠢᠯᠭᠡᠵᠦ᠂ ᠴᠢᠰᠤᠨ ᠳᠠᠷᠤᠯᠲᠠ᠂ ᠴᠢᠰᠤᠨ ᠰᠢᠬᠢᠷ ᠤᠨ ᠬᠡᠮᠵᠢᠶ᠎ᠡ  ᠪᠠᠨ ᠡᠬᠢᠯᠡᠨ ᠠᠩᠬᠠᠷᠬᠤ ᠴᠢᠬᠤᠯᠠᠲᠠᠢ᠃      40 — 60 ᠨᠠᠰᠤ᠄ ᠵᠢᠯ ᠪᠦᠷᠢ ᠨᠢᠭᠡ ᠤᠳᠠᠭ᠎ᠠ ᠪᠡᠶ᠎ᠡ ᠶᠢᠨ ᠪᠠᠶᠢᠴᠠᠭᠠᠯᠲᠠ ᠬᠢᠯᠭᠡᠬᠦ ᠶᠢ ᠰᠠᠨᠠᠭᠤᠯᠤᠶ᠎ᠠ᠃ ᠡᠭᠦᠨ ᠤ ᠵᠡᠷᠭᠡ ᠪᠠᠷ ᠶᠠᠰᠤᠨ ᠤ ᠨᠢᠭᠲᠠᠴᠠ᠂ ᠪᠡᠲᠡᠭᠢᠲᠦ ᠬᠠᠪᠤᠳᠠᠷ ᠤᠨ ᠲᠡᠮᠳᠡᠭ ᠪᠣᠳᠠᠰ ᠵᠢᠴᠢ ᠰᠢᠩᠭᠡᠭᠡᠯᠲᠡ ᠶᠢᠨ ᠰᠢᠰᠲ᠋ᠧᠮ ᠤᠨ ᠡᠷᠡᠭᠦᠯ ᠮᠡᠨᠳᠦ ᠪᠠᠨ ᠠᠩᠬᠠᠷᠴᠤ᠂ ᠨᠢᠭᠡ ᠤᠳᠠᠭᠠᠨ ᠤ ᠡᠪᠡᠳᠬᠦ ᠦᠭᠡᠢ ᠬᠤᠳᠣᠭᠤᠳᠣ ᠭᠡᠳᠡᠰᠦᠨ ᠤ ᠳᠤᠷᠠᠨ ᠤ ᠪᠠᠶᠢᠴᠠᠭᠠᠯᠲᠠ ᠶᠢ ᠬᠢᠯᠭᠡᠪᠡᠯ ᠰᠢᠩᠭᠡᠭᠡᠯᠲᠡ ᠶᠢᠨ ᠵᠠᠮ ᠤᠨ ᠰᠠᠯᠢᠰᠤᠲᠤ ᠪᠦᠷᠬᠦᠪᠴᠢ ᠶᠢᠨ ᠡᠪᠡᠳᠴᠢᠨ ᠤ ᠬᠤᠪᠢᠷᠠᠯᠲᠠ ᠶᠢ ᠢᠯᠡᠷᠡᠭᠦᠯᠵᠦ᠂ ᠰᠢᠩᠭᠡᠭᠡᠯᠲᠡ ᠶᠢᠨ ᠵᠠᠮ ᠤᠨ ᠬᠤᠣᠷᠲᠤ ᠬᠠᠪᠤᠳᠠᠷ ᠡᠭᠦᠰᠬᠦ ᠨᠣᠷᠮ᠎ᠠ ᠶᠢ ᠪᠠᠭᠠᠰᠬᠠᠵᠤ ᠴᠢᠳᠠᠨ᠎ᠠ᠃      ᠢᠳᠡᠷ ᠨᠠᠰᠤᠨ ᠤ ᠡᠷᠡᠭᠲᠡᠶᠢᠴᠦᠳ ᠲᠤ ᠵᠢᠷᠦᠬᠡ ᠴᠢᠰᠤᠨ ᠰᠤᠳᠠᠯ ᠤᠨ ᠡᠪᠡᠳᠴᠢᠨ᠂ ᠡᠯᠢᠭᠡ ᠥᠭᠡᠬᠦᠯᠡᠬᠦ᠂ ᠤᠷᠢᠳᠤ ᠪᠤᠯᠴᠢᠷᠬᠠᠶ ᠶᠢᠨ ᠡᠪᠡᠳᠴᠢᠨ ᠤ ᠲᠦᠭᠰᠢᠭᠦᠷᠢ ᠨᠡᠮᠡᠭᠳᠡᠳᠡᠭ ᠪᠣᠯᠬᠤᠷ ᠭᠤᠣᠯᠳᠠᠭᠤ ᠴᠢᠰᠤᠨ ᠤ ᠥᠭᠡᠬᠦ᠂ ᠡᠯᠢᠭᠡᠨ ᠤ ᠠᠵᠢᠯᠯᠠᠭ᠎ᠠ᠂ ᠵᠢᠷᠦᠬᠡᠨ ᠤ ᠴᠠᠬᠢᠯᠭᠠᠨ ᠵᠢᠷᠤᠭ᠂ ᠤᠷᠢᠳᠤ ᠪᠤᠯᠴᠢᠷᠬᠠᠶ ᠶᠢᠨ ᠣᠨᠴᠠᠭᠠᠶ ᠥᠳᠥᠭᠡᠭᠴᠢ ︵PSA︶ ᠶᠢᠨ ᠪᠠᠶᠢᠴᠠᠭᠠᠯᠲᠠ ᠬᠢᠯᠭᠡᠬᠦ ᠶᠢ ᠠᠩᠬᠠᠷᠬᠤ ᠬᠡᠷᠡᠭᠲᠡᠶ᠃      ᠢᠳᠡᠷ ᠨᠠᠰᠤᠨ ᠤ ᠡᠮᠡᠭᠲᠡᠶᠢᠴᠦᠳ ᠬᠥᠬᠦᠨ ᠪᠤᠯᠴᠢᠷᠬᠠᠶ ᠶᠢᠨ ᠥᠮᠡᠨ᠂ ᠪᠠᠮᠪᠠᠶ ᠪᠤᠯᠴᠢᠷᠬᠠᠶ ᠶᠢᠨ ᠡᠪᠡᠳᠴᠢᠨ᠂ ᠶᠠᠰᠤ ᠰᠡᠶᠢᠷᠡᠭᠵᠢᠬᠦ ᠵᠡᠷᠭᠡ ᠡᠪᠡᠳᠴᠢᠨ ᠡᠮᠭᠡᠭ ᠤᠨ ᠲᠦᠭᠰᠢᠭᠦᠷᠢ ᠨᠡᠮᠡᠭᠳᠡᠳᠡᠭ ᠪᠣᠯᠬᠤᠷ ᠭᠤᠣᠯᠳᠠᠭᠤ ᠬᠥᠬᠦᠨ ᠪᠤᠯᠴᠢᠷᠬᠠᠶ ᠶᠢᠨ ᠥᠩᠭᠡᠲᠦ ᠬᠡᠲᠦ ᠳᠣᠯᠭᠢᠶᠠᠨ ᠪᠤᠶᠤ ᠮᠣᠯᠢᠪᠳᠧᠨ᠂ ᠪᠠᠮᠪᠠᠶ ᠪᠤᠯᠴᠢᠷᠬᠠᠶ ᠶᠢᠨ ᠴᠢᠳᠠᠮᠵᠢ᠂ ᠶᠠᠰᠤᠨ ᠤ ᠨᠢᠭᠲᠠᠴᠠ ᠶᠢᠨ ᠪᠠᠶᠢᠴᠠᠭᠠᠯᠲᠠ ᠶᠢ ᠬᠢᠯᠭᠡᠬᠦ ᠶᠢ ᠠᠩᠬᠠᠷᠬᠤ ᠬᠡᠷᠡᠭᠲᠡᠶ᠃      60 ᠨᠠᠰᠤᠨ ᠠᠴᠠ ᠳᠡᠭᠡᠭᠰᠢ ᠬᠦᠮᠦᠰ᠄ ᠡᠷᠬᠡᠪᠰᠢ ᠵᠢᠯ ᠪᠦᠷᠢ ᠨᠢᠭᠡ ᠤᠳᠠᠭ᠎ᠠ ᠪᠡᠶ᠎ᠡ ᠶᠢᠨ ᠪᠠᠶᠢᠴᠠᠭᠠᠯᠲᠠ ᠬᠢᠬᠦ ᠬᠡᠷᠡᠭᠲᠡᠢ᠃ ᠰᠠᠭᠤᠷᠢ ᠵᠤᠶᠢᠯᠡᠰ ᠠᠴᠠ ᠭᠠᠳᠠᠨ᠎ᠠ᠂ ᠲᠣᠰ ᠪᠡᠶ᠎ᠡ ᠶᠢᠨ ᠡᠪᠡᠳᠴᠢᠨ ᠤ ᠲᠡᠦᠬᠡ ᠲᠠᠢ ᠪᠠᠨ ᠤᠶᠠᠯᠳᠤᠭᠤᠯᠤᠨ ᠭᠤᠤᠯᠳᠠᠯᠭ᠎ᠠ ᠲᠠᠢ ᠵᠤᠶᠢᠯᠡᠰ᠂ ᠵᠢᠱᠢᠶᠡᠯᠡᠪᠡᠯ ᠵᠢᠷᠦᠬᠡ ᠲᠠᠷᠢᠬᠢᠨ ᠤ ᠴᠢᠰᠤᠨ ᠰᠤᠳᠠᠯ᠂ ᠬᠠᠪᠤᠳᠠᠷ ᠢ ᠰᠢᠭᠰᠢᠨ ᠪᠠᠶᠢᠴᠠᠭᠠᠬᠤ ᠵᠡᠷᠭᠡ ᠪᠠᠶᠢᠴᠠᠭᠠᠯᠳᠠ ᠬᠢᠯᠭᠡᠵᠦ ᠪᠤᠯᠤᠨ᠎ᠠ᠃ ᠣᠯᠠᠨ ᠡᠭᠦᠰᠬᠦ ᠡᠪᠡᠳᠴᠢᠨ ᠳᠤ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ᠂ ᠰᠢᠬᠢᠷ ᠰᠢᠵᠢᠩ ᠡᠪᠡᠳᠴᠢᠨ᠂ ᠬᠠᠪᠤᠳᠠᠷ ᠵᠡᠷᠭᠡ ᠪᠣᠶ᠂ ᠬᠦᠵᠦᠭᠦᠨ ᠯᠤᠭᠰᠢᠭᠤᠨ ᠰᠤᠳᠠᠯ ᠤᠨ ᠪᠤᠳᠤᠭᠲᠤ ᠬᠡᠲᠦ ᠳᠣᠯᠭᠢᠶᠠᠨ᠂ ᠰᠢᠬᠢᠷᠵᠢᠭᠰᠡᠨ ᠴᠢᠰᠤᠨ ᠤ ᠤᠯᠠᠭᠠᠨ ᠤᠭᠤᠷᠠᠭ᠂ ᠪᠠᠭ᠎ᠠ ᠬᠡᠮᠵᠢᠶᠡᠨ ᠤ CT᠂ ᠬᠤᠳᠣᠭᠤᠳᠣ ᠭᠡᠳᠡᠰᠦᠨ ᠤ ᠳᠤᠷᠠᠨ ᠵᠡᠷᠭᠡ ᠵᠤᠶᠢᠯᠡᠰ ᠢ ᠨᠡᠮᠡᠵᠦ ᠬᠢᠯᠬᠡᠪᠡᠯ ᠵᠣᠬᠢᠨ᠎ᠠ᠃      ᠥᠮᠡᠨ ᠡᠪᠡᠳᠴᠢᠨ ᠣᠯᠠᠨ ᠡᠭᠦᠰᠳᠡᠭ ᠢᠳᠡᠷ ᠥᠲᠡᠯᠦᠭᠡ ᠬᠥᠮᠦᠨ ᠳᠤ ᠠᠪᠴᠤ ᠬᠡᠯᠡᠪᠡᠯ᠂ ᠡᠬᠢᠨ ᠤ ᠬᠤᠭᠤᠴᠠᠭᠠᠨ ᠤ ᠰᠢᠭᠰᠢᠨ ᠪᠠᠶᠢᠴᠠᠭᠠᠯᠲᠠ ᠨᠢ ᠥᠮᠡᠨ ᠡᠪᠡᠳᠴᠢᠨ ᠤ ᠡᠳᠡᠭᠡᠷᠡᠬᠦ ᠨᠣᠷᠮ᠎ᠠ ᠶᠢ ᠳᠡᠭᠡᠭᠰᠢᠯᠡᠭᠦᠯᠳᠡᠭ ᠪᠤᠯᠬᠤᠷ CEA ︵ᠡᠯ᠎ᠡ ᠲᠥᠷᠥᠯ ᠤᠨ ᠥᠮᠡᠨ ᠡᠪᠡᠳᠴᠢᠨ︶᠂ AFP ︵ᠡᠯᠢᠭᠡᠨ ᠥᠮᠡᠨ︶᠂ CYFRA 21 — 1 ︵ᠠᠭᠤᠰᠬᠢᠨ ᠥᠮᠡᠨ︶᠂ NSE ︵ᠠᠭᠤᠰᠬᠢᠨ ᠥᠮᠡᠨ︶᠂ CA 19 — 9 ︵ᠨᠦᠢᠷ ᠤᠨ ᠪᠤᠯᠴᠢᠷᠬᠠᠶ᠂ ᠰᠥᠰᠥᠨ ᠴᠣᠷᠭᠤ ᠶᠢᠨ ᠥᠮᠡᠨ︶ ᠵᠡᠷᠭᠡ ᠪᠠᠶᠢᠴᠠᠭᠠᠯᠲᠠ ᠶᠢᠨ ᠵᠤᠶᠢᠯᠡᠰ ᠢ ᠰᠣᠩᠭᠤᠨ ᠬᠢᠯᠭᠡᠵᠦ ᠪᠣᠯᠤᠨ᠎ᠠ᠃ ᠡᠷᠡᠭᠲᠡᠶ ᠬᠥᠮᠦᠨ PSA ︵ᠤᠷᠢᠳᠤ ᠪᠤᠯᠴᠢᠷᠬᠠᠶ ᠶᠢᠨ ᠥᠮᠡᠨ︶ ᠶᠢᠨ ᠪᠠᠶᠢᠴᠠᠭᠠᠯᠲᠠ ᠶᠢ ᠨᠡᠮᠡᠨ ᠬᠢᠯᠭᠡᠵᠦ ᠪᠣᠯᠤᠨ᠎ᠠ᠂ ᠡᠮᠡᠭᠲᠡᠶ ᠬᠥᠮᠦᠨ CA 125 ︵ᠥᠨᠳᠡᠭᠡᠪᠴᠢ ᠶᠢᠨ ᠥᠮᠡᠨ︶᠂ CA 15 — 3 ︵ᠬᠥᠬᠦᠨ ᠪᠤᠯᠴᠢᠷᠬᠠᠶ ᠶᠢᠨ ᠥᠮᠡᠨ︶ ᠶᠢᠨ ᠪᠠᠶᠢᠴᠠᠭᠠᠯᠲᠠ ᠶᠢ ᠨᠡᠮᠡᠨ ᠬᠢᠯᠭᠡᠵᠦ ᠪᠣᠯᠤᠨ᠎ᠠ᠃ ᠰᠢᠭᠰᠢᠨ ᠪᠠᠶᠢᠴᠠᠭᠠᠬᠤ ᠦᠶ᠎ᠡ ᠳᠤ᠂ ᠬᠠᠪᠤᠳᠠᠷ ᠤᠨ ᠲᠡᠮᠳᠡᠭ ᠪᠣᠳᠠᠰ ᠢ ᠵᠢᠷᠤᠭ ᠳᠦᠷᠰᠦ ᠶᠢᠨ ᠤᠬᠠᠭᠠᠨ ᠤ ᠪᠠᠶᠢᠴᠠᠭᠠᠯᠲᠠ ᠲᠠᠢ ᠤᠶᠠᠯᠳᠤᠭᠤᠯᠤᠨ ᠬᠢᠯᠪᠡᠯ ᠨᠠᠩ ᠣᠨᠣᠪᠴᠢᠲᠠᠶ ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号