ᠰᠦᠷᠦᠭ ᠴᠢᠨ᠋ᠸ᠎ᠠ | ᠭᠤᠪᠢ ᠶᠢᠨ ᠠᠶᠢᠯ ᠤᠳ ᠥᠷᠯᠥᠭᠡᠠ ᠤ ᠵᠡᠷᠭᠡᠯᠭᠡᠠ ᠳᠤ ᠰᠥᠷᠯᠢᠭ ᠥᠡᠲᠦᠷ ᠠᠰᠠᠷ ᠰᠢᠭ᠋᠂ ᠰᠦᠯᠵᠢᠵᠦ | ᠵᠡᠷᠭᠡᠯᠡᠭᠰᠡᠨ ᠪᠠᠷᠢᠮᠠᠯ ᠰᠢᠭ᠋ ᠰᠦᠷᠲᠠᠢ ᠰᠠᠶᠢᠬᠠᠨ ᠬᠠᠷᠠᠭᠲᠠᠵᠦ᠂ ᠥᠨᠢᠶ᠎ᠡ ᠮᠥᠭᠡᠷᠡᠵᠥ ᠬᠤᠨᠢ ᠮᠠᠶᠢᠯᠠᠨ ᠠᠶᠠᠯᠭᠤ | ᠨᠡᠶᠢᠯᠡᠨ ᠴᠤᠤᠷᠢᠶᠠᠲᠤᠵᠥ᠂ ᠠᠯᠠᠭ ᠥᠬᠡᠷ ᠤᠨ ᠭᠤᠪᠢ ᠳᠤ ᠬᠦᠷ ᠬᠦᠭᠵᠢᠶᠡᠨ ᠪᠢᠯᠬᠠᠨ᠎ᠠ᠃ | ᠥᠷᠯᠥᠭᠡᠨ ᠤ ᠴᠠᠢ ᠪᠠᠷ ᠴᠢᠨ᠋ᠸ᠎ᠠ ᠶᠢᠨ ᠲᠤᠬᠠᠢ ᠵᠤᠭᠤᠭ ᠪᠤᠷᠵᠢᠭᠡᠷ ᠥᠰᠦ᠂ ᠨᠠᠷᠢᠨ ᠨᠢᠲᠦ᠂ ᠵᠢᠭᠠᠬᠠᠨ ᠬᠠᠮᠠᠷ᠂ | ᠵᠢᠷᠪᠡᠭᠡᠷ ᠬᠠᠷ᠎ᠠ ᠰᠠᠬᠠᠯ᠂ ᠱᠤᠪᠲᠤᠭᠤᠷ ᠬᠦᠬᠡ ᠴᠢᠷᠠᠢ ᠲᠠᠢ ᠰᠡᠩᠬᠡᠯᠵᠡᠭᠦᠷ ᠨᠢᠮ᠎ᠠ ᠶᠢᠨ ᠠᠮᠠ ᠪᠠᠷ ᠲᠠᠮᠵᠢᠭᠲᠠᠨ | ᠭᠤᠪᠢ ᠶᠢᠨ ᠠᠶᠢᠯ ᠳᠤ ᠲᠠᠷᠬᠠᠵᠦ ᠪᠠᠶᠢᠨ᠎ᠠ᠄ ᠬᠤᠷᠢ ᠭᠠᠷᠤᠢ ᠵᠢᠯ ᠴᠢᠮᠡᠭᠡ ᠥᠭᠡᠢ ᠪᠤᠯᠤᠭᠰᠠᠨ ᠴᠢᠨ᠋ᠸ᠎ᠠ ᠪᠤᠭᠵᠢ ᠶᠢᠨ | ᠰᠢᠯᠢ ᠳᠤ ᠬᠤᠶᠠᠷ ᠭᠦᠶᠦᠵᠦ ᠪᠠᠶᠢᠭᠰᠠᠨ ᠭᠡᠨ᠎ᠡ︔ ᠦᠢᠷ᠎ᠠ ᠳᠤ ᠪᠤᠷᠤᠲᠤᠯᠤᠭᠠᠢ ᠡᠩᠭᠡᠷ ᠤᠨ ᠲᠤᠤᠷᠠᠨ ᠳᠤ ᠪᠠᠶᠢᠭᠰᠠᠨ | ᠬᠤᠨᠢ ᠶᠢ ᠪᠠᠷᠢᠵᠦ᠂ ᠪᠠᠰᠠ ᠮᠡᠷᠭᠡᠯ ᠤᠨ ᠬᠤᠨᠢᠨ ᠤ ᠬᠤᠷᠤᠭᠠᠨ ᠳᠤ ᠤᠷᠤᠵᠦ ᠠᠷᠪᠠ ᠭᠠᠷᠤᠢ ᠬᠤᠨᠢ ᠶᠢ ᠪᠠᠷᠢᠭᠰᠠᠨ᠂ | ᠭᠡᠪᠡᠴᠦ ᠴᠤᠬᠤᠮ ᠴᠢᠨ᠋ᠸ᠎ᠠ ᠶᠤᠮ ᠤᠤ᠂ ᠭᠡᠷ ᠤᠨ ᠨᠤᠬᠠᠢ ᠵᠢᠯᠪᠡᠯᠡᠭᠡᠳ ᠭᠠᠷᠤᠭᠰᠠᠨ ᠶᠤᠮ ᠤᠤ᠂ ᠥᠨᠡᠭᠡ ᠪᠠᠷᠢᠵᠦ | ᠪᠠᠶᠢᠬᠤ ᠶᠤᠮ ᠤᠤ᠂ ᠶᠠᠭ ᠲᠤᠲᠤᠷᠬᠠᠢ ᠦᠵᠡᠵᠦ ᠬᠠᠷᠠᠭᠰᠠᠨ ᠬᠦᠮᠦᠨ ᠦᠭᠡᠢ ᠭᠡᠨ᠎ᠡ᠃ ᠳᠡᠬᠡᠳᠡᠯᠠ ᠥᠨᠡᠭᠡ ᠬᠤᠨᠢ | ᠪᠠᠷᠢᠭᠰᠠᠨ ᠢ ᠨᠢᠲᠦ ᠪᠠᠷ ᠥᠵᠡᠭᠰᠡᠨ ᠵᠤᠵᠢᠭ ᠨᠠᠩᠵᠢᠳ ︽ᠥᠨᠡᠭᠡ ᠬᠤᠨᠢᠨ ᠰᠡᠭᠦᠯ ᠤᠨ ᠠᠯᠠᠭ᠎ᠠ ᠶᠢ ᠬᠤᠪᠬᠤ | ᠰᠤᠷᠤᠭᠠᠳ ᠠᠷᠦ ᠶᠢᠨ ᠬᠤᠶᠠᠷ ᠪᠤᠷᠪᠢ ᠶᠢ ᠨᠢ ᠡᠭᠡᠯᠵᠢᠯᠡᠨ ᠬᠠᠵᠠᠭᠰᠠᠭᠠᠷ ᠪᠠᠶᠢᠵᠦ᠂ ᠬᠤᠨᠢ ᠶᠠᠪᠤᠵᠦ ᠴᠢᠲᠠᠬᠤ ᠥᠬᠡᠢ | ᠪᠤᠯᠬᠤ ᠳᠤ ᠪᠠᠭᠠᠯᠵᠤᠤᠷ ᠢ ᠨᠢ ᠬᠠᠵᠠᠲᠠᠭ᠂ ᠥᠨᠡᠭᠡ ᠪᠠᠷᠢᠡᠡᠰᠡᠨ ᠬᠤᠨᠢᠨ ᠤ ᠮᠢᠬ᠎ᠠ ᠪᠠᠷᠢᠨ ᠦᠮᠡᠬᠡᠢ ᠥᠨᠦᠷ | ᠤᠷᠤᠴᠢᠬᠠᠲᠠᠭ ᠰᠢᠤ︕ ᠪᠢ ᠭᠤᠷᠪᠠᠨ ᠬᠤᠨᠢ ᠪᠠᠨ ᠥᠨᠡᠭᠡᠨ ᠳᠤ ᠪᠠᠷᠢᠭᠤᠯᠤᠭᠠᠳ ᠮᠡᠲᠡᠭᠰᠡᠨ ᠶᠤᠮ︕ ᠬᠡᠭᠡᠷ᠎ᠡ ᠶᠢᠨ | ᠨᠤᠬᠠᠢ ᠲᠡᠶᠢᠮᠦ ᠠᠮᠠᠷᠬᠠᠨ ᠠᠶᠢᠯ ᠳᠤ ᠤᠶᠢᠷᠠᠳᠬᠤ ᠥᠭᠡᠢ᠂ ᠪᠠᠷᠤᠭ ᠥᠨᠡᠭᠡ ᠯᠡ ᠪᠠᠶᠢᠵᠦ ᠮᠡᠲᠡᠬᠦ ᠶᠤᠮ ᠳ᠋ᠠ︕︾ | ᠭᠡᠵᠦ ᠰᠤᠨᠤᠰᠤᠭᠰᠠᠨ ᠢᠶᠠᠨ ᠶᠠᠷᠢᠨ᠎ᠠ᠃ | ᠡᠶᠢᠨ ᠬᠦ ᠦᠨᠡᠨ ᠬᠤᠲᠠᠯ ᠴᠢᠮᠡᠭᠡ ᠲᠠᠮᠵᠢᠭᠰᠠᠭᠠᠷ ᠵᠤᠨ ᠤ ᠡᠬᠢᠨ ᠰᠠᠷ᠎ᠠ ᠪᠤᠯᠬᠤ ᠳᠤ ᠵᠡᠷᠭᠡᠯᠭᠡᠨᠲᠦ ᠶᠢᠨ | ᠭᠤᠷᠪᠠᠨ ᠪᠦᠲᠦᠭᠦᠨ ᠳᠤ ᠭᠠᠷᠭᠠᠭᠰᠠᠨ ᠵᠠᠮᠵᠠ ᠶᠢᠨ ᠰᠤᠪᠠᠢ ᠬᠤᠨᠢᠨ ᠠᠴᠠ ᠠᠷᠪᠠ ᠭᠠᠷᠤᠢ ᠶᠢ ᠪᠠᠷᠢᠯ᠎ᠠ ᠭᠡᠰᠡᠨ | ᠴᠢᠮᠡᠭᠡ ᠲᠠᠮᠵᠢᠬᠤ ᠳᠤ ᠭᠠᠴᠠᠭᠠᠨ ᠲᠠᠷᠤᠭ᠎ᠠ ᠭᠤᠸᠠᠢ ᠥᠭᠦᠯᠡᠷᠦᠨ᠄ ︽ᠥᠨᠡᠭᠡ᠂ ᠴᠢᠨ᠋ᠸ᠎ᠠ ᠶᠢᠨ ᠠᠯᠢ ᠨᠢ ᠪᠠᠷᠢᠭᠰᠠᠨ ᠢ | ᠰᠠᠶᠢᠨ ᠲᠤᠲᠤᠯᠠᠭᠠᠳ ᠮᠡᠲᠡᠭᠦᠯ︕ ᠬᠡᠷᠪᠡ ᠴᠢᠨ᠋ᠸ᠎ᠠ ᠬᠤᠨᠢ ᠪᠠᠷᠢᠭᠰᠠᠨ ᠪᠤᠯ ᠤᠯᠤᠰ ᠠᠴᠠ ᠨᠦᠬᠦᠪᠦᠷᠢ ᠦᠭᠴᠦ | ᠳᠡᠳᠬᠦᠨ᠎ᠠ᠃ ᠬᠡᠬᠦ ᠳᠡᠭᠡᠨ ᠴᠢᠨ᠋ᠸ᠎ᠠ ᠪᠣᠯ ᠤᠯᠤᠰ ᠤᠨ ᠬᠤᠶᠠᠲᠤᠭᠠᠷ ᠲᠡᠰ ᠤᠨ ᠬᠠᠮᠠᠭᠠᠯᠠᠯᠲᠠ ᠶᠢᠨ ᠠᠮᠢᠲᠠᠨ ᠪᠤᠯᠬᠤᠷ | ᠲᠤᠷ᠎ᠠ ᠪᠠᠷ ᠠᠯᠠᠵᠦ ᠪᠤᠯᠬᠤ ᠥᠭᠡᠢ︕︾ ᠭᠡᠵᠦ ᠶᠠᠷᠢᠯ᠎ᠠ᠃ ᠲᠠᠷᠤᠭ᠎ᠠ ᠶᠢᠨ ᠶᠠᠷᠢᠶ᠎ᠠ ᠪᠠᠷᠠᠬᠤ ᠲᠠᠢ ᠵᠡᠷᠭᠡ᠄ ︽ᠥᠨᠡᠨ | ᠬᠤᠲᠠᠯ ᠨᠢ ᠮᠡᠲᠡᠭᠲᠡᠬᠦ ᠥᠭᠡᠢ︕ ᠪᠠᠷᠢᠭᠲᠠᠭᠰᠠᠨ ᠬᠤᠨᠢᠨ ᠤ ᠲᠤᠭ᠎ᠠ ᠭᠤᠷᠪᠠᠨ ᠵᠠᠭᠤ ᠪᠤᠯᠴᠢᠬᠠᠭᠰᠠᠨ︾ ᠬᠡᠵᠦ | ᠭᠠᠴᠠᠭᠠᠨ ᠤ ᠨᠢᠷᠪᠡ ᠬᠡᠯᠡᠨ᠎ᠠ᠃ | ᠵᠤᠵᠢᠭ ᠨᠠᠩᠵᠢᠳ ︽ᠵᠠ︕ ᠶᠠᠭᠠᠬᠢᠬᠤ ᠪᠤᠢ ᠳ᠋ᠠ᠂ ᠭᠠᠷᠤᠭᠰᠡᠨ ᠭᠠᠷᠤᠵᠠ ᠬᠤᠶᠢᠨ᠎ᠠ︕︾ ᠭᠡᠵᠤ ᠪᠤᠲᠤᠵᠦ | ᠪᠠᠶᠢᠬᠤ ᠳᠤ ᠰᠡᠩᠬᠡᠯᠵᠡᠭᠦᠷ ᠨᠢᠮ᠎ᠠ ᠭᠤᠸᠠᠢ ᠪᠠᠭᠠᠰᠥ ᠠᠯᠲᠠᠵᠦ ᠥᠬᠦᠭᠰᠡᠨ ᠬᠤᠨᠢ ᠪᠠᠨ ᠠᠵᠢᠭ ᠴᠦ ᠥᠭᠡᠢ | ᠮᠡᠲᠡᠭᠦᠯᠪᠡ᠃ ᠬᠤᠨᠢᠨ ᠤ ᠲᠤᠭ᠎ᠠ ᠨᠡᠮᠡᠭᠲᠡᠭᠰᠡᠭᠡᠷ᠃ | ᠬᠠᠰᠢᠷ ᠠᠩᠴᠢᠨ ᠵᠢᠵᠠ ᠡᠨᠡ ᠬᠦ ᠴᠢᠮᠡᠭᠡ ᠶᠢ ᠰᠤᠨᠤᠰᠤᠭᠠᠳ᠄ ︽ᠠᠩᠬᠠᠨ ᠳᠠᠭᠠᠨ ᠪᠣᠯ ᠭᠤᠷᠪᠠᠨ ᠰᠠᠷ᠎ᠠ ᠶᠢᠨ | ᠰᠡᠭᠦᠯᠴᠢ ᠪᠠᠷ ᠬᠡᠳᠦᠡ ᠠᠶᠢᠯ ᠢᠶᠠᠷ ᠨᠡᠶᠢᠯᠡᠵᠦ ᠠᠪᠠ ᠳᠤ ᠭᠠᠷᠲᠠᠭ᠂ ᠨᠠᠶᠠᠭᠠᠳ ᠤᠨ ᠳᠤ ᠮᠠᠨᠠᠶᠢᠬᠢᠨ ᠨᠢᠭᠡ ᠬᠦᠷᠢᠶ᠎ᠡ | ᠠᠪᠠ ᠬᠢᠭᠰᠡᠨ ᠳᠤ ᠪᠢ ᠰᠢᠪᠦᠭᠡᠨ ᠳᠤ ᠶᠠᠪᠤᠵᠦ ᠪᠠᠶᠢᠭᠰᠠᠨ ᠶᠤᠮ᠃ ᠪᠢᠳᠡ ᠨᠤᠬᠠᠢ ᠪᠠᠷ ᠬᠤᠮᠤᠷᠭᠠᠯᠠᠵᠦ᠂ ᠪᠠᠰᠠ ᠪᠠᠭ᠎ᠠ | ᠮᠠᠰᠢᠨ ᠢᠶᠠᠷ ᠲᠠᠭᠤᠯᠠ᠂ ᠳᠡᠬᠡᠳᠡᠯᠠ ᠨᠢᠬᠡ ᠨᠢ ᠨᠢᠭᠡ ᠫᠤᠤᠲᠠᠭᠠᠳ ᠤᠨᠤᠭᠰᠠᠨ ᠥᠭᠡᠢ᠂ ᠬᠤᠶᠠᠲᠠᠬᠢ ᠨᠢ ᠬᠠ ᠶᠢ ᠨᠢ | ᠤᠨᠤᠬᠤ ᠳᠤ ᠮᠠᠨ ᠤ ᠰᠡᠩᠬᠡᠯᠵᠡᠭᠦᠷ ᠨᠢᠮ᠎ᠠ ᠤᠷᠭᠠᠯᠠᠵᠥ ᠪᠠᠷᠢᠭᠠᠳ ᠠᠮᠢᠲᠦ ᠪᠠᠷ ᠨᠢ ᠥᠪᠴᠢᠭᠰᠡᠨ ᠶᠤᠮ᠂ ᠨᠢᠷᠤᠭᠤ | ᠬᠡᠲᠦᠷᠡᠲᠡᠯ᠎ᠡ ᠠᠮᠢᠲᠦ ᠪᠠᠶᠢᠭᠰᠠᠨ ᠨᠢᠭᠦᠯ ᠡ᠃ ᠥᠬᠦᠭᠰᠡᠨ ᠬᠤᠶᠢᠨ᠎ᠠ ᠨᠢ ᠬᠠᠯᠠᠭᠤᠨ ᠴᠢᠰᠦ ᠪᠠᠷ ᠨᠢ ᠰᠢᠲᠦ ᠪᠠᠨ | ᠵᠠᠶᠢᠯᠠᠭᠰᠠᠨ ᠬᠦᠮᠦᠨ ᠪᠠᠰᠠ ᠪᠠᠶᠢᠭᠰᠠᠠ ᠶᠤᠮ᠃ ᠲᠡᠭᠦᠨ ᠠᠴᠠ ᠬᠤᠶᠢᠰᠢ ᠪᠢ ᠲᠠᠬᠢᠵᠦ ᠠᠪᠠ ᠬᠢᠭᠰᠡᠨ ᠴᠦ ᠥᠭᠡᠢ︕ | ᠨᠠᠮᠦᠷ ᠨᠢ ᠶᠡᠭᠡ ᠲᠦᠢᠮᠡᠷ ᠭᠠᠷᠤᠭᠠᠳ ᠬᠤᠶᠢᠲᠦ ᠰᠢᠯᠢ ᠶᠢᠨ ᠠᠲᠠᠷ ᠰᠠᠶᠢᠬᠠᠨ ᠨᠤᠲᠤᠭ ᠢ ᠮᠢᠨᠢ ᠬᠤᠪᠬᠤ ᠰᠢᠲᠠᠭᠠᠵᠦ | ᠮᠠᠯ ᠤᠨᠤᠭ᠎ᠠ᠂ ᠠᠮᠢᠲᠠᠨ ᠠᠷᠢᠶᠠᠲᠠᠨ ᠰᠢᠲᠠᠭᠰᠠᠨ ᠠᠴᠠ ᠴᠢᠨ᠋ᠸ᠎ᠠ ᠴᠦ ᠴᠢᠮᠡᠭᠡ ᠥᠭᠡᠢ ᠪᠤᠯᠵᠦ᠂ ᠬᠤᠶᠢᠲᠦ ᠰᠢᠯᠢ ᠶᠢᠨ | ᠨᠤᠲᠤᠭ ᠤᠨ ᠤᠷᠭᠤᠮᠠᠯ ᠡᠪᠡᠰᠦ ᠨᠢ ᠮᠠᠭᠤᠲᠠᠵᠦ ᠲᠠᠴᠢᠷᠲᠠᠵᠦ ᠡᠬᠢᠯᠡᠭᠰᠡᠨ ᠶᠤᠮ ᠳ᠋ᠠ︕ ᠴᠢᠨ᠋ᠸ᠎ᠠ ᠨᠤᠬᠠᠢ ᠥᠭᠡᠢ | ᠪᠤᠯᠴᠢᠬᠠᠭᠰᠠᠨ ᠴᠢᠨᠢ ᠬᠤᠨᠢ ᠮᠠᠯ ᠢᠶᠠᠨ ᠲᠤᠷ᠎ᠠ ᠪᠠᠷ ᠨᠢ ᠲᠤᠤᠷᠠᠨ ᠳᠤ ᠬᠠᠶᠠᠭᠠᠳ ᠶᠠᠪᠤᠴᠢᠬᠠᠨ᠎ᠠ᠃ ᠮᠠᠯ ᠳᠠᠭᠠᠨ | ᠰᠡᠳᠬᠢᠯ ᠲᠠᠯᠪᠢᠬᠤ ᠥᠭᠡᠢ᠃ ᠤᠳᠤ ᠳᠡᠬᠡᠬᠦ ᠳᠤ ᠴᠢᠨ᠋ᠸ᠎ᠠ ᠶᠢᠨ ᠲᠤᠬᠠᠢ ᠪᠠᠭ᠎ᠠ ᠴᠢᠮᠡᠭᠡ ᠭᠠᠷᠤᠭᠰᠠᠨ ᠴᠢᠨᠢ ᠪᠦᠷ | ᠲᠡᠪᠵᠢᠶᠡᠨ ᠪᠤᠯᠤᠭᠠᠳ᠁︾ ᠭᠡᠵᠦ ᠵᠢᠵᠠ ᠭᠡᠷ ᠲᠡᠭᠡᠨ ᠶᠠᠷᠢᠵᠦ ᠰᠠᠭᠤᠨ᠎ᠠ᠃ | ᠠᠭᠤᠯᠠ ᠲᠠᠯ᠎ᠠ ᠬᠥᠬᠡᠷᠡᠨ ᠨᠤᠭᠤᠭᠠᠷᠠᠵᠥ᠂ ᠮᠠᠯ ᠤᠨᠤᠭ᠎ᠠ ᠨᠤᠭᠤᠭᠠᠨ ᠳᠤ ᠴᠠᠳᠴᠦ ᠢᠷᠡᠬᠦ ᠳᠤ ᠤᠲᠤᠷ | ᠶᠠᠪᠤᠲᠠᠭ ᠬᠡᠲᠦᠨ ᠠᠶᠢᠯ ᠤᠳ ᠮᠥᠨ ᠯᠡ ᠬᠤᠨᠢ ᠮᠠᠯ ᠢᠶᠠᠨ ᠬᠠᠶᠠᠲᠠᠭ ᠢᠶᠠᠷ ᠢᠶᠠᠨ ᠬᠠᠶᠠᠭᠠᠳ ᠨᠠᠭᠠᠳᠤᠮ ᠳᠤ | ᠶᠠᠪᠤᠵᠠᠭᠠᠵᠠᠢ᠃ ᠬᠠᠷᠢᠨ ᠪᠠᠳᠦ ᠶᠢᠨ ᠬᠢᠨ ᠨᠠᠭᠠᠳᠤᠮ ᠠᠴᠠ ᠪᠤᠴᠠᠨ ᠢᠷᠡᠬᠦ ᠳᠤ ᠭᠤᠴᠢ ᠭᠠᠷᠤᠢ ᠬᠤᠷᠠᠭ᠎ᠠ ᠶᠢ ᠨᠢ ᠲᠠᠰ | ᠲᠠᠰ ᠬᠠᠵᠠᠵᠦ ᠬᠠᠶᠠᠬᠰᠠᠨ ᠠᠵᠢ᠃ ᠴᠢᠨ᠋ᠸ᠎ᠠ ᠪᠠᠷᠢᠭᠰᠠᠨ ᠪᠠᠴᠢᠮ ᠴᠢᠮᠡᠭᠡ ᠲᠠᠮᠵᠢᠭᠲᠠᠬᠤ ᠳᠤ ᠡᠨᠡ ᠥᠨᠡᠭᠡᠷ | ᠬᠡᠬᠡᠷ᠎ᠡ ᠶᠢᠨ ᠬᠢ ᠢᠷᠡᠴᠢᠬᠡᠭᠰᠡᠨ ᠪᠠᠶᠢᠨ᠎ᠠ ᠭᠡᠳ ᠶᠠᠷᠢᠯᠴᠠᠭᠠᠨ ᠪᠤᠯᠪᠠ᠃ ︽ᠮᠠᠯᠴᠢᠳ ᠤᠨ ᠬᠤᠬᠢᠷᠠᠯ ᠢ ᠶᠠᠭᠠᠬᠢᠵᠦ | ᠲᠥᠯᠥᠨ᠎ᠡ ᠪᠤᠢ︖ ᠴᠢᠨ᠋ᠸ᠎ᠠ ᠪᠠᠷᠢᠭᠰᠠᠨ ᠬᠤᠨᠢᠨ ᠤ ᠵᠤᠭᠤᠰ ᠴᠢᠨᠢ ᠬᠠᠮᠢᠭ᠎ᠠ ᠪᠠᠶᠢᠨ᠎ᠠ︖︾ ᠬᠡᠬᠦ ᠳᠤ ᠭᠠᠴᠠᠭᠠᠨ ᠤ | ᠵᠢᠷᠬᠢᠶ᠎ᠠ ᠶᠢᠨ ᠬᠤᠯᠪᠤᠭᠠᠨ ᠳᠡᠬᠡᠷ᠎ᠠ ᠴᠢᠮᠡᠭᠡ ᠠᠯᠠᠭ᠎ᠠ᠃ ︽ᠭᠤᠷᠪᠠᠨ ᠪᠥᠲᠥᠭᠦᠨ ᠵᠦᠭ ᠬᠤᠶᠠᠷ ᠨᠤᠬᠠᠢ ᠤᠷᠤᠭᠰᠠᠨ | ᠪᠠᠲᠤᠲᠠᠢ ᠴᠢᠮᠡᠭᠡ ᠪᠠᠶᠢᠨ᠎ᠠ︕ ᠮᠠᠷᠭᠠᠰᠢ ᠭᠠᠷᠴᠥ ᠲᠤᠮᠤᠭᠯᠠᠵᠦ ᠥᠵᠡᠶ᠎ᠡ︾ ᠬᠡᠬᠦ ᠳᠤ ᠬᠡᠳᠦᠨ ᠵᠠᠯᠠᠭᠤᠴᠤᠳ ᠪᠤᠯᠵᠤᠪᠠ᠃ | ᠮᠠᠷᠭᠠᠰᠢ ᠨᠢ ᠠᠷᠪᠠ ᠭᠠᠷᠤᠢ ᠮᠤᠲ᠋ᠤᠷ ᠲᠠᠢ ᠵᠠᠯᠠᠭᠤᠴᠤᠳ ᠭᠠᠷᠤᠭᠠᠳ᠂ ᠭᠤᠷᠪᠠᠨ ᠪᠦᠲᠦᠭᠦᠨ᠂ ᠠᠯᠲᠠᠨ ᠬᠠᠷᠭᠠᠨᠠᠲᠦ᠂ | ᠬᠠᠶᠢᠯᠠᠰᠤᠲᠦ ᠭᠤᠤ᠂ ᠴᠠᠭᠠᠨ ᠭᠤᠤ ᠲᠠᠮᠵᠢᠨ ᠨᠢᠭᠡ ᠡᠲᠦᠷ ᠲᠤᠰᠤ ᠪᠠᠨ ᠪᠠᠷᠠᠵᠦ ᠲᠤᠪᠲᠤᠯᠤᠭᠠᠳ ᠶᠠᠭᠤ ᠴᠦ | ᠥᠭᠡᠢ ᠬᠤᠭᠤᠰᠤᠨ ᠪᠤᠴᠠᠵᠠᠢ᠃ | ᠠᠪᠠ ᠳᠤ ᠶᠠᠪᠤᠭᠠᠳ ᠤᠯᠵᠠ ᠥᠭᠡᠢ ᠪᠤᠴᠠᠭᠰᠠᠨ ᠵᠠᠯᠠᠭᠤᠴᠤᠳ ᠤᠮᠤᠭ ᠨᠢ ᠲᠠᠷᠤᠭᠲᠠᠵᠦ᠂ ᠴᠢᠮᠡᠭᠡ ᠥᠭᠡᠢ | ᠪᠤᠯᠪᠠ᠃ ᠭᠡᠪᠡᠴᠦ ᠬᠡᠭᠡᠷ᠎ᠡ ᠶᠢᠨ ᠨᠤᠬᠠᠢ ᠵᠥᠭᠡᠷ ᠰᠠᠭᠤᠭ᠎ᠠ ᠥᠭᠡᠢ ᠮᠥᠡ ᠠᠳᠡ ᠲᠡᠨᠲᠡ ᠴᠢᠮᠡᠭᠡ ᠭᠠᠷᠭᠠᠭᠰᠠᠭᠠᠷ | ᠪᠠᠶᠢᠪᠠ᠃ | ᠰᠡᠷ ᠰᠡᠷ ᠰᠠᠯᠬᠢ ᠰᠡᠷᠴᠢᠭᠢᠨᠡᠭᠰᠡᠨ ᠨᠠᠮᠤᠷ ᠤᠨ ᠡᠳᠦᠷ᠂ ᠭᠦᠯᠦ᠋ᠢᠳᠡᠯᠡ ᠬᠠᠳᠤᠵᠦ ᠬᠠᠶᠠ ᠨᠢᠭᠡ ᠵᠤᠷᠪᠤᠰ | ᠰᠠᠬᠠᠯ ᠥᠯᠠᠲᠡᠭᠡᠭᠰᠡᠨ ᠴᠠᠭᠠᠨ ᠭᠤᠤ ᠶᠢᠨ ᠬᠡᠲᠦᠨ ᠨᠤᠭᠤᠴᠠᠭ᠎ᠠ ᠪᠠᠷ ᠬᠠᠷ᠎ᠠ ᠮᠤᠲ᠋ᠤᠷ ᠲᠠᠢ ᠬᠦᠮᠦᠨ ᠶᠠᠭᠤ ᠨᠢᠭᠡ ᠶᠢ | ᠡᠷᠢᠵᠦ ᠶᠠᠪᠤᠭ᠎ᠠ ᠨᠢ ᠰᠡᠩᠬᠡᠯᠵᠡᠭᠦᠷ ᠨᠢᠮ᠎ᠠ ᠪᠠᠶᠢᠯ᠎ᠠ᠃ ︽ᠤᠲᠤ ᠴᠢᠨ᠋ᠸ᠎ᠠ ᠪᠤᠯ ᠲᠡᠷᠡ ᠪᠡᠶ᠎ᠡ ᠪᠠᠷ ᠢᠶᠠᠨ ᠡᠷᠲᠡᠨᠢ ᠬᠡᠨ᠎ᠡ | ᠰᠢᠤ︕ ᠪᠥᠬᠦᠯᠢ ᠪᠠᠷ ᠲᠦᠮᠡ ᠭᠠᠷᠤᠢ ᠲᠦᠭᠦᠷᠢᠭ᠃ ᠭᠠᠭᠴᠠ ᠰᠤᠶᠤᠭ᠎ᠠ᠂ ᠱᠠᠭ᠎ᠠ ᠶᠢ ᠨᠢ ᠴᠤ ᠬᠡᠰᠡᠨ ᠵᠤᠭᠤᠰᠤᠨ | ᠮᠥᠷᠦ᠋ᠢᠴᠡᠭᠡᠨ ᠳᠤ ᠵᠡᠬᠦᠪᠡᠯ ᠱᠦᠭᠦᠭᠳᠡᠬᠦ ᠥᠭᠡᠢ ᠭᠡᠨ᠎ᠡ᠃ ᠬᠡᠷᠪᠡ ᠴᠢ ᠴᠢᠨ᠋ᠸ᠎ᠠ ᠤᠯᠤᠭᠠᠳ ᠥᠵᠡᠪᠡᠯ ᠨᠠᠳᠠ ᠵᠦᠭ | ᠤᠲᠠᠰᠤ ᠠᠪ︕ ᠲᠡᠭᠡᠪᠡᠯ ᠪᠢ ᠠᠳᠡ ᠠᠴᠠ ᠲᠡᠷᠭᠡ ᠲᠠᠢ ᠤᠴᠢᠪᠠᠯ ᠬᠤᠶᠠᠭᠤᠯᠠ ᠴᠢᠮᠡᠭᠡ ᠥᠭᠡᠢ ᠠᠯᠠᠴᠢᠬᠠᠶ᠎ᠠ᠃ | ᠴᠢᠮ᠎ᠠ ᠳᠤ ᠲᠠᠪᠤᠨ ᠮᠢᠩᠭ᠎ᠠ ᠪᠡᠯᠡᠨ ᠦᠭᠭᠦᠶ᠎ᠡ᠂ ᠪᠤᠯᠤᠨ᠎ᠠ ᠪᠢᠵᠠ︾ ᠭᠡᠰᠡᠨ ᠨᠢᠮ᠎ᠠ ᠶᠢᠨ ᠮᠠᠶᠢᠮᠠᠶᠢᠴᠢᠨ | ᠨᠠᠶᠢᠵᠨ ᠶᠢᠨ ᠬᠢᠨ ᠪᠠᠲᠤᠲᠠᠢ ᠥᠭᠡ ᠴᠢᠬᠢᠨ ᠳᠤᠨᠢ ᠰᠤᠨᠤᠰᠲᠠᠵᠦ᠂ ᠶᠠᠭ ᠡᠮᠦᠨ᠎ᠡ ᠠᠴᠠ ᠨᠢ ᠴᠢᠨ᠋ᠸ᠎ᠠ ᠭᠦᠶᠦᠭᠡᠳ | ᠪᠤᠰᠴᠦ ᠪᠠᠶᠢᠬᠤ ᠰᠢᠭ᠋ ᠨᠢᠳᠦᠨ ᠳᠤ ᠨᠢ ᠥᠵᠡᠭᠲᠡᠨᠡ᠃ ᠪᠠᠰᠠ ︽ᠲᠡᠷᠡ ᠵᠢᠯ ᠤᠨ ᠴᠢᠨ᠋ᠸ᠎ᠠ ᠶᠢᠨ ᠠᠷᠠᠰᠤ ᠶᠢ ᠲᠠᠷᠤᠭ᠎ᠠ | ᠠᠪᠴᠦ ᠶᠠᠪᠤᠭᠰᠠᠨ ᠢ ᠪᠤᠳᠤᠪᠡᠯ᠁ ᠠᠢ᠂ ᠬᠠᠶᠢᠷᠠᠨ ᠶᠠᠭᠤᠮ᠎ᠠ ᠥᠨ᠎ᠡ ᠳᠤ ᠬᠦᠷᠬᠦ ᠶᠢ ᠮᠡᠳᠡᠭᠰᠡᠨ ᠪᠤᠯ ᠳ᠋ᠠ︾ | ᠬᠡᠬᠦᠴᠢᠯᠡᠨ ᠬᠠᠷᠠᠮᠰᠠᠵᠦ ᠶᠠᠪᠤᠨ᠎ᠠ᠃ ︽ᠪᠤᠤᠬᠠᠢ ᠶᠢᠨ ᠡᠮᠦᠨ᠎ᠡ ᠬᠡᠷᠢᠶ᠎ᠡ ᠭᠡᠳᠡᠭ ᠰᠢᠳᠡ︾ ᠭᠡᠳ ᠲᠩᠷᠢ ᠬᠠᠷᠠᠬᠤ ᠳᠤ | ᠬᠡᠷᠢᠶ᠎ᠡ᠂ ᠰᠢᠪᠠᠭᠤᠨ ᠤ ᠪᠠᠷ᠎ᠠ ᠠᠯᠠᠭ᠎ᠠ᠃ ᠨᠢᠮ᠎ᠠ ᠭᠡᠨᠡᠳᠳᠡ ᠮᠤᠲ᠋ᠤᠷ ᠲᠡᠭᠡᠭᠦᠷ ᠢᠶᠠᠨ ᠰᠠᠪᠠᠵᠥ ᠤᠨᠠᠯ᠎ᠠ᠃ ᠶᠠᠭᠤ | ᠶᠠᠭᠤ ᠪᠠᠨ ᠴᠦ ᠮᠡᠳᠡᠭᠰᠡᠨ ᠦᠬᠡᠢ ᠨᠢᠬᠡ ᠦᠵᠡᠰᠡ᠂ ᠲᠡᠮᠦᠷ ᠤᠲᠠᠰᠤᠨ ᠲᠤᠤᠷ ᠲᠤ ᠤᠷᠢᠶᠠᠭᠳᠠᠨ ᠤᠨᠠᠭᠰᠠᠨ ᠠᠵᠢ᠃ | ︽ᠪᠤᠷᠬᠠᠨ ᠡ︕ ᠵᠢᠭᠠᠬᠠᠨ ᠬᠤᠷᠳᠤᠨ ᠶᠠᠪᠤᠵᠦ ᠪᠠᠶᠢᠭᠰᠠᠨ ᠪᠤᠯ ᠥᠬᠦᠵᠡᠢ︾ ᠭᠡᠳ ᠮᠤᠲ᠋ᠤᠷ ᠢᠶᠠᠨ ᠬᠠᠷᠠᠵᠦ | ᠵᠤᠭᠰᠤᠪᠠ᠃ ᠨᠡᠶᠢᠳᠡᠮ ᠲᠤᠤᠷ ᠬᠦᠷᠢᠶ᠎ᠡ ᠪᠤᠯᠤᠭᠰᠡᠨ ᠪᠤᠯᠬᠤᠷ ᠬᠠᠶᠠᠭᠳᠠᠭᠰᠠᠨ ᠲᠡᠮᠦᠷ ᠤᠲᠠᠰᠦ ᠬᠠᠮᠢᠭ᠎ᠠ ᠴᠦ ᠭᠡᠰᠡᠨ | ᠪᠠᠶᠢᠬᠤ ᠯᠠ ᠠᠵᠢ᠃ | ᠵᠤᠵᠢᠭ ᠨᠠᠩᠵᠢᠳ ᠬᠠᠷᠢᠨ ᠰᠢᠨᠡᠬᠡᠨ ᠠᠪᠤᠭᠰᠠᠨ ᠮᠤᠲ᠋ᠤᠷ ᠢᠶᠠᠨ ᠵᠠᠶᠢᠳᠠᠯᠠᠨ᠂ ᠰᠢᠯᠢ ᠶᠢᠨ ᠲᠤᠤᠷ ᠢᠶᠠᠨ | ᠬᠠᠷᠡᠵᠦ ᠶᠠᠪᠤᠨ᠎ᠠ᠃ ︽ᠤᠳᠦ ᠶᠢᠨ ᠬᠦᠮᠦᠨ ᠭᠡᠵᠦ ᠢᠯᠡᠭᠦᠦ ᠬᠠᠷᠠᠵᠦ᠂ ᠪᠢᠯᠡᠭᠦᠦ ᠲᠤᠯᠢᠶᠠᠬᠤ ᠨᠢ ᠬᠡᠴᠡᠭᠦᠦ ᠪᠤᠯᠵᠡᠢ︕ | ᠪᠠᠭ᠎ᠠ ᠯᠠ ᠰᠡᠪ ᠬᠢᠪᠡᠯ ᠬᠦᠮᠦᠨ ᠤ ᠲᠤᠤᠷᠠᠨ ᠳᠤ ᠨᠢᠭᠤᠵᠦ ᠬᠠᠪᠴᠢᠭᠠᠳ ᠥᠬᠡᠷ ᠮᠠᠯ ᠢᠶᠠᠨ ᠬᠢᠵᠦ᠂ ᠲᠤᠤᠷ | ᠡᠪᠳᠡᠭᠦ ᠳᠡᠭᠡᠨ︾ ᠬᠡᠵᠦ ᠪᠤᠳᠤᠨ ᠶᠠᠪᠤᠳᠠᠯ᠎ᠠ᠂ ᠰᠢᠨᠡᠬᠡᠨ ᠮᠤᠲ᠋ᠤᠷ ᠤᠨ ᠮᠦᠷ ᠤᠯᠵᠦ ᠦᠵᠡᠭᠰᠡᠨ ᠢᠶᠠᠨ ᠬᠦᠲᠦᠯ ᠲᠠᠪᠠᠨ | ᠮᠦᠷ ᠮᠦᠰᠬᠢᠳᠡᠯᠠ ᠳᠡᠷᠡ ᠴᠠᠭᠠᠨ᠎ᠠ ᠨᠢᠬᠡ ᠮᠤᠲ᠋ᠤᠷ ᠲᠠᠢ ᠬᠦᠮᠦᠨ ᠵᠤᠭᠰᠤᠵᠦ ᠪᠠᠶᠢᠬᠤ ᠢ ᠥᠵᠡᠭᠡᠳ ︽ᠥᠨᠤᠳᠦᠷ | ᠴᠢ ᠬᠠᠮᠢᠭ᠎ᠠ ᠲᠤᠲᠠᠭᠠᠬᠤ ᠶᠢ ᠴᠢᠨᠢ ᠥᠵᠡᠶ᠎ᠡ︕︾ ᠭᠡᠵᠦ ᠤᠴᠠᠭᠠᠷᠳᠠᠨ ᠬᠦᠷᠬᠦ ᠳᠤ ᠰᠡᠩᠬᠡᠯᠵᠡᠭᠦᠷ ᠨᠢᠮ᠎ᠠ ᠮᠤᠲ᠋ᠤᠷ | ᠤᠷᠤᠯᠲᠤᠴᠢᠬᠠᠭᠰᠠᠨ ᠰᠠᠭᠤᠨ᠎ᠠ᠃ | — ᠲᠤᠤᠷᠠᠨ ᠤ ᠡᠭᠦᠳᠡ ᠶᠢ ᠨᠡᠭᠡᠭᠡᠭᠡᠳ ᠴᠢ᠃ ᠶᠠᠭᠤ ᠶᠠᠭᠠᠬᠢᠵᠦ ᠪᠠᠶᠢᠨ᠎ᠠ︖ ᠮᠠᠯ ᠢᠶᠠᠨ ᠬᠢᠬᠡᠳ ᠰᠠᠭᠤᠵᠦ | ᠪᠠᠶᠢᠨ᠎ᠠ ᠤᠤ ᠴᠢ︖ | — ᠰᠠᠶᠢᠨ ᠤᠤ ᠮᠡᠨᠳᠦ ᠤᠤ ᠴᠦ ᠦᠬᠡᠢ ᠴᠢ ᠴᠢᠨᠢ᠃ ᠶᠠᠮᠠᠷ ᠮᠠᠯ ᠢ ᠴᠢᠨᠢ ᠬᠢᠬᠦ ᠶᠤᠮ︖ | — ᠲᠡᠭᠡᠭᠡᠳ ᠴᠢ ᠶᠠᠭᠤᠨ ᠳᠤ ᠶᠠᠪᠤᠵᠦ ᠪᠠᠶᠢᠬᠤ ᠶᠤᠮ ᠪᠤᠢ︖ | — ᠴᠢᠮ᠎ᠠ ᠠᠴᠠ ᠶᠠᠭᠤᠨ ᠨᠢᠭᠤᠨ᠎ᠠ᠂ ᠮᠠᠶᠢᠮᠠᠶᠢᠴᠢᠨ ᠸᠠᠩ ᠭᠤᠸᠠᠢ ᠨᠢᠭᠡ ᠴᠢᠨ᠋ᠸ᠎ᠠ ᠤᠯᠤᠭᠠᠳ ᠦᠭ ᠭᠡᠨ᠎ᠠ᠃ | ᠲᠡᠭᠡᠭᠡᠳ ᠤᠶᠢᠷ᠎ᠠ ᠳᠤ ᠴᠢᠨᠢ ᠬᠤᠨᠢ ᠮᠠᠯ ᠳᠤ ᠤᠷᠤᠵᠦ ᠪᠠᠶᠢᠨ᠎ᠠ ᠭᠡᠰᠡᠨ ᠴᠢᠮᠡᠭᠡ ᠭᠠᠷᠤᠭᠠᠳ ᠯᠠ ᠪᠠᠶᠢᠨ᠎ᠠ᠃ | ᠬᠡᠯᠡᠵᠦ ᠮᠡᠳᠡᠬᠦ ᠶᠤᠮ ᠤᠤ᠂ ᠭᠡᠨᠡᠳᠳᠡ ᠬᠤᠪᠢ ᠢᠷᠤᠭᠡᠯ ᠨᠢ ᠲᠠᠭᠠᠷᠠᠵᠦ᠂ ᠲᠠᠭᠤᠭᠠᠳ ᠠᠯᠠᠴᠢᠬᠠᠬᠤ ᠶᠠᠭᠤ ᠮᠠᠭᠠᠳ | ᠭᠡᠳ ᠠᠪᠠ ᠳᠤ ᠭᠠᠷᠤᠭᠰᠠᠨ ᠴᠢᠨᠢ ᠠᠳᠡ ᠢᠷᠡᠭᠡᠳ ᠲᠤᠤᠷᠠᠨ ᠳᠤ ᠳᠡᠬᠡᠬᠡᠯᠡᠭᠳᠡᠬᠡᠳ ᠥᠢᠯᠡ ᠪᠠᠨ ᠥᠵᠡᠵᠦ ᠪᠠᠶᠢᠨ᠎ᠠ | ᠰᠢᠳᠡ︕ | — ᠴᠢ ᠭᠡᠵᠦ ᠳ᠋ᠡ︕ ᠬᠡᠷᠡᠭ ᠥᠭᠡᠢ ᠶᠠᠭᠤᠮᠠᠨ ᠤ ᠲᠦᠯᠦᠭᠡ ᠰᠡᠩᠬᠡᠯᠵᠡᠨᠠ᠃ ᠭᠠᠭᠴᠠᠭᠠᠷ ᠢᠶᠠᠨ ᠴᠢᠨ᠋ᠸ᠎ᠠ | ᠠᠪᠠᠯᠠᠨ᠎ᠠ ᠭᠡᠳᠡᠭ ᠴᠢᠨᠢ ᠭᠤᠨᠵᠢ ᠶᠢᠨ ᠵᠤᠭᠤᠭ᠃ | ᠵᠤᠵᠢᠭ ᠨᠠᠩᠵᠢᠳ ᠠᠭᠤᠷ ᠨᠢ ᠨᠠᠮᠵᠢᠵᠦ ᠠᠷᠭᠠᠳᠠᠩᠭᠤᠢ ᠬᠡᠯᠡᠬᠦ ᠳᠤ᠄ | — ᠨᠢᠭᠡ ᠴᠢᠨ᠋ᠸ᠎ᠠ ᠲᠦᠮᠡ ᠭᠠᠷᠤᠨ᠎ᠠ᠃ ᠨᠠᠳᠠ ᠰᠢᠭ᠋ ᠬᠦᠮᠦᠨ ᠳᠤ ᠪᠤᠯ ᠶᠡᠭᠡ ᠵᠤᠭᠤᠰ᠃ ᠶᠠᠭᠠᠬᠢᠭᠰᠠᠨ ᠴᠦ | ᠡᠷᠢᠵᠦ ᠥᠵᠡᠨ᠎ᠡ ᠳ᠋ᠡ︕ ᠭᠡᠵᠤ ᠨᠢᠮ᠎ᠠ ᠰᠢᠢᠳᠮᠡᠬᠡᠢ ᠶᠠᠷᠢᠭᠠᠳ ᠮᠤᠲ᠋ᠤᠷ ᠢᠶᠠᠨ ᠬᠢᠰᠬᠢᠳᠡᠯᠠ ᠨᠤᠴᠤᠪᠠ᠃ ᠨᠠᠩᠵᠢᠳ | ᠲᠤᠯᠤᠭᠠᠢ ᠰᠡᠭᠰᠤᠷᠡᠨ ᠲᠠᠭᠤ ᠥᠭᠡᠢ ᠬᠠᠷᠠᠵᠦ ᠵᠤᠭᠰᠤᠳᠠᠯ᠎ᠠ᠂ ᠭᠡᠨᠡᠳᠳᠡ ᠬᠠᠮᠢᠭ᠎ᠠ ᠠᠴᠠ ᠶᠤᠮ ᠪᠤᠤ ᠮᠡᠳᠡ᠂ | ᠴᠢᠨ᠋ᠸ᠎ᠠ ᠶᠢᠨ ᠪᠠᠷ᠎ᠠ ᠬᠠᠯᠳᠦ ᠬᠠᠷᠠᠭᠳᠠᠬᠤ ᠳᠤ ᠨᠢᠮ᠎ᠠ ︽ᠬᠦᠶ᠋ᠢ︕ ᠴᠢᠨ᠋ᠸ᠎ᠠ︕ ᠨᠤᠬᠠᠢ︕︾ ᠭᠡᠳ ᠮᠤᠲ᠋ᠤᠷ ᠢᠶᠠᠨ | ᠭᠠᠯᠯᠠᠨ ᠲᠠᠪᠬᠢᠯ᠎ᠠ᠃ ᠨᠠᠩᠵᠢᠳ ᠰᠠᠨᠲᠤᠷᠤᠨ ︽ᠡᠨᠡ ᠶᠠᠮᠠᠷ ᠰᠤᠨᠢᠨ ᠶᠤᠮ ᠪᠤᠢ︖ ᠶᠠᠭ ᠲᠠᠭᠠᠷᠠᠨ᠎ᠠ ᠭᠡᠳᠡᠭ ᠴᠢᠨᠢ᠃ | ᠯᠠᠪ ᠬᠡᠯᠡᠯᠴᠡᠭᠡᠨ ᠲᠠᠢ ᠪᠠᠶᠢᠬ᠎ᠠ︾ ᠭᠡᠳ ᠠᠷᠦ ᠠᠴᠠ ᠨᠢ ᠡᠴᠢᠪᠡ᠃ | ᠴᠠᠭᠠᠨ ᠭᠤᠤ ᠶᠢᠨ ᠡᠮᠦᠨ᠎ᠡ ᠠᠷᠪᠠ ᠭᠠᠷᠤᠢ ᠮᠤᠲ᠋ᠤᠷ᠂ ᠪᠠᠭ᠎ᠠ ᠲᠡᠷᠭᠡ ᠲᠠᠢ᠂ ᠤᠯᠠᠨ ᠬᠦᠮᠦᠨ | ᠪᠦᠬᠡᠮᠨᠡᠷᠡᠵᠦ ᠬᠠᠷᠠᠭᠲᠠᠯᠠ᠃ ᠲᠤᠮᠳᠠ ᠪᠠᠨ ᠨᠢᠭᠡ ᠲᠤᠯᠤᠭᠠᠢ ᠥᠭᠡᠢ ᠴᠢᠨ᠋ᠸ᠎ᠠ ᠶᠢ ᠬᠡᠲᠦᠨ ᠲᠡᠶᠢᠰᠢ ᠰᠠᠯᠭᠠᠨ | ᠲᠤᠶᠠᠴᠢᠵᠥ᠂ ︽ᠰᠦᠷᠦᠭ ᠴᠢᠨ᠋ᠸ᠎ᠠ︾ ᠢᠳᠡᠰᠢ ᠪᠤᠯᠢᠶᠠᠯᠲᠤᠵᠥ ᠪᠠᠶᠢᠬᠤ ᠰᠢᠭ᠋ ᠪᠠᠶᠢᠯ᠎ᠠ᠃ ᠬᠠᠯᠠᠭᠤᠨ ᠴᠢᠰᠤ ᠪᠠᠷ ᠨᠢ | ᠠᠮᠠ ᠪᠠᠨ ᠵᠠᠶᠢᠯᠠᠭᠰᠠᠨ ᠪᠤᠯᠤᠯᠲᠠᠢ ᠨᠢᠬᠡ ᠨᠢ ᠤᠭᠰᠢᠭᠤᠯᠤᠨ ᠰᠠᠨᠳᠤᠷᠴᠦ ᠪᠠᠶᠢᠪᠠᠴᠦ ᠦᠯᠡᠳᠡᠭᠰᠡᠨ ᠰᠡᠭ ᠠᠴᠠ ᠨᠢ | ᠪᠠᠰᠠ ᠠᠪᠤᠨ᠎ᠠ ᠭᠡᠵᠤ ᠪᠠᠷᠬᠢᠷᠡᠨᠠ᠃ ᠲᠡᠮᠡᠢ ᠤᠲᠠᠭᠰᠠᠨ ᠥᠭᠡᠢ ᠰᠡᠭ ᠴᠤ ᠦᠯᠡᠳᠡᠭᠰᠡᠨ ᠦᠬᠡᠢ᠂ ᠤᠩᠭᠠᠰᠤᠨ ᠳᠤ | ᠪᠤᠭᠤᠭᠳᠠᠭᠰᠠᠨ ᠬᠤᠨᠢ ᠮᠠᠯ ᠤᠨ ᠰᠢᠩᠭᠡᠵᠦ ᠵᠠᠪᠲᠤᠭᠰᠠᠨ ᠥᠭᠡᠢ ᠴᠢᠨ᠋ᠸ᠎ᠠ ᠶᠢᠨ ᠢᠯᠭᠠᠳᠠᠰᠦ ᠯᠡ ᠥᠯᠡᠲᠡᠪᠠ᠃ ᠡᠭᠦᠨ ᠢ | ᠬᠠᠷᠠᠭᠰᠠᠨ ᠵᠤᠵᠢᠭ ᠨᠠᠩᠵᠢᠳ᠄ ︽ᠭᠡᠭᠡᠷ᠎ᠡ ᠶᠢᠨ ᠬᠢ ᠤᠤ︖ ᠭᠡᠷ ᠤᠨ ᠬᠢ ᠤᠤ︖ ᠲᠤᠯᠤᠭᠠᠢ ᠨᠢ ᠶᠠᠭᠠᠬᠢᠭᠰᠠᠨ ᠪᠤᠢ︖ | ︾ ᠬᠡᠬᠦ ᠳᠤ᠄ ︽ᠨᠢᠮ᠎ᠠ ᠭᠤᠸᠠᠢ ᠠᠪᠤᠭᠠᠳ ᠶᠠᠪᠤᠴᠢᠬᠠᠭᠰᠠᠨ ᠰᠢᠤ︕ ᠮᠥᠨ ᠴᠦ ᠬᠤᠷᠳᠤᠨ ᠤᠭᠲᠤᠯᠵᠦ ᠠᠪᠴᠤ ᠳ᠋ᠠ︾ | ᠭᠡᠵᠦ ᠠᠳᠠᠭᠠᠷᠬᠠᠨ᠎ᠠ᠃ ︽ᠡᠨᠡ ︿ᠰᠠᠶᠢᠨ ᠡᠷ᠎ᠡ﹀ ᠬᠠᠮᠢᠭ᠎ᠠ ᠠᠴᠠ ᠢᠷᠡᠭᠰᠠᠨ ᠪᠣᠯ ᠳ᠋ᠠ︕ ᠰᠠᠶᠢᠨ ᠲᠦᠢᠪᠡᠭᠡᠵᠦ᠂ | ᠰᠠᠶᠢᠨ ᠴᠦ ᠪᠠᠷᠢᠭᠰᠠᠨ ᠰᠢᠤ︾ ᠬᠡᠵᠦ ᠤᠯᠠᠭᠤᠯᠡ ᠶᠠᠷᠢᠯᠴᠠᠨ ᠪᠤᠴᠠᠵᠠᠭᠠᠯᠠ᠃ ᠮᠠᠷᠭᠠᠰᠢ ᠠᠴᠠ ᠨᠢ ᠡᠬᠢᠯᠡᠬᠡᠳ | ᠬᠡᠰᠡᠭ ᠮᠠᠯᠴᠢᠳ ᠴᠢᠨ᠋ᠸ᠎ᠠ ᠨᠤᠬᠠᠢ ᠠᠴᠠ ᠠᠶᠤᠬᠤ ᠶᠠᠭᠤᠮ᠎ᠠ ᠥᠭᠡᠢ᠂ ᠵᠤᠷᠢᠭᠤᠳᠡ ᠬᠤᠨᠢ ᠮᠠᠯ ᠢᠶᠠᠨ ᠲᠤᠷ᠎ᠠ ᠪᠠᠷ ᠨᠢ | ᠲᠠᠯᠪᠢᠵᠦ ᠡᠬᠢᠯᠡᠭᠰᠡᠨ ᠨᠢ ᠴᠠᠭᠠᠨ᠎ᠠ ᠪᠠᠨ ᠨᠢᠬᠡ ᠯᠡ ᠤᠴᠢᠷ ᠲᠠᠢ᠃ | |