ᠵᠡᠬᠦᠳᠤ ᠳᠡᠷᠭᠡᠯᠰᠢᠭᠰᠡᠨ ᠬᠦᠳᠡᠭᠡ | ᠰᠤ· ᠪᠢᠯᠢᠭᠳᠦ | ᠭᠠᠷ ᠤᠳᠠᠰᠤ ᠳᠠᠵᠢᠬᠢᠨᠠᠨ ᠳᠤᠤᠭᠠᠷᠬᠤ ᠪᠠᠷ ᠠᠪᠴᠤ ᠦᠵᠡᠪᠡᠯ ᠡᠭᠡᠨᠡᠷ ᠤᠨ ᠢᠷᠡᠬᠦᠯᠦᠭᠰᠡᠨ ᠸᠢᠴᠠᠲ | ᠪᠠᠶᠢᠪᠠ᠃ ᠨᠡᠭᠡᠭᠡᠵᠤ ᠦᠵᠡᠪᠡᠯ ︽ᠭᠡᠷ ᠲᠡᠭᠡᠨ ᠬᠦᠷᠴᠢᠭᠡᠭᠰᠡᠨ ᠤᠤ︖ ᠦᠷᠯᠦᠭᠡ ᠪᠢ ᠭᠠᠷᠴᠤ ᠢᠷᠡᠬᠦ ᠳᠡᠭᠡᠨ ᠭᠠᠯ | ᠳᠠᠭᠡᠷ᠎ᠡ ᠰᠢᠬᠢᠷ᠎ᠡ ᠳᠤᠯᠤᠭᠠᠢ ᠳᠠᠯᠪᠢᠭᠠᠳ ᠨᠡᠬᠦᠷᠡᠰᠤ ᠬᠢᠭᠡᠳ ᠭᠠᠷᠴᠤ ᠢᠷᠡᠭᠰᠡᠨ ᠶᠤᠮ ᠡ︕ ᠴᠢ ᠬᠦᠷᠦᠭᠰᠡᠨ ᠪᠤᠯ | ᠭᠠᠷᠭᠠᠭᠠᠳ ᠠᠪᠤᠭᠠᠷᠠᠢ︾ ᠭᠡᠰᠡᠨ ᠪᠠᠶᠢᠪᠠ᠃ | ᠪᠢᠳᠠ ᠭᠠᠷᠠᠭ ᠤᠨ ᠨᠢᠭᠡᠨ ᠤ ᠦᠷᠯᠦᠭᠡ ᠪᠤᠯᠭᠠᠨ ᠰᠤᠷᠤᠭᠴᠢ ᠪᠠᠨ ᠬᠢᠴᠢᠶᠡᠯ ᠠᠴᠠ ᠨᠢ ᠡᠮᠤᠨ᠎ᠠ | ᠬᠦᠷᠭᠡᠬᠦ ᠶᠢᠨ ᠳᠦᠯᠦᠭᠡ ᠪᠠᠭ᠎ᠠ ᠮᠠᠰᠢᠨ ᠢᠶᠠᠷ ᠢᠶᠠᠨ 7 ᠴᠠᠭ ᠲᠤ ᠭᠠᠷᠤᠭᠠᠳ 130 ᠭᠠᠵᠠᠷ ᠤᠨ ᠵᠠᠮ ᠢ | ᠳᠦᠴᠢᠭᠡᠳ ᠮᠢᠨᠦ᠋ᠲ ᠶᠠᠪᠤᠵᠤ ᠭᠡᠤᠭᠡᠨ ᠢᠶᠠᠨ ᠰᠤᠷᠭᠠᠭᠤᠯᠢ ᠳᠤᠨᠢ ᠤᠷᠤᠭᠤᠯᠴᠢᠬᠠᠭᠠᠳ ᠪᠢ ᠡᠷᠬᠢᠵᠤ ᠬᠤᠶᠢᠰᠢ ᠭᠡᠷ | ᠲᠡᠭᠡᠨ ᠢᠷᠡᠵᠤ ᠪᠠᠶᠢᠭ᠎ᠠ ᠨᠢ ᠡᠨᠡ᠃ ᠤᠳᠤ ᠴᠠᠭ ᠭᠡᠵᠤ ᠵᠠᠮ ᠨᠡᠪᠳᠡᠷᠡᠬᠦᠯᠭᠡ ᠴᠢᠮᠡᠭᠡ ᠬᠤᠯᠪᠤᠭ᠎ᠠ ᠭᠡᠳᠤᠢ ᠴᠤ | ᠳᠦᠬᠦᠮ ᠪᠤᠯᠤᠭᠰᠠᠨ ᠢ ᠭᠡᠯᠡᠬᠦ ᠶᠠᠪᠤᠳᠠᠯ ᠦᠭᠡᠢ ᠡ︕ 260 ᠭᠠᠵᠠᠷ ᠶᠢ ᠴᠠᠭ ᠬᠠᠭᠠᠰ ᠲᠤ ᠶᠠᠪᠤᠭᠠᠳ | ᠢᠷᠡᠴᠢᠭᠡᠨ᠎ᠡ᠃ | | ᠭᠡᠷ ᠲᠤ ᠤᠷᠤᠬᠤ ᠪᠠᠷ ᠴᠢᠨᠠᠭᠰᠠᠨ ᠮᠢᠬᠠᠨ ᠤ ᠰᠤᠷᠭᠤᠭ ᠦᠨᠤᠷ ᠬᠠᠮᠠᠷ ᠴᠤᠷᠬᠢᠨᠠ︕ ᠨᠡᠬᠦᠷᠡᠰᠤᠨ ᠤ ᠭᠠᠯ | ᠨᠢᠯ ᠤᠯᠠᠶᠢᠵᠤ᠂ ᠳᠤᠭᠤᠭ᠎ᠠ ᠲᠠᠢ ᠮᠢᠬ᠎ᠠ ᠵᠦᠭᠡᠯᠡᠨ ᠪᠤᠴᠠᠯᠤᠨ᠎ᠠ︕ | ᠬᠦᠭᠵᠢᠯᠳᠠ ᠭᠡᠵᠤ ᠶᠠᠮᠠᠷ ᠬᠤᠷᠳᠤᠨ ᠭᠠᠶᠢᠬᠠᠮᠰᠢᠭ ᠲᠠᠢ ᠪᠤᠢ︕ ᠪᠢ 81 ᠤᠨ ᠳᠤ ᠰᠤᠷᠭᠠᠭᠤᠯᠢ ᠳᠤ | ᠡᠬᠢᠯᠡᠨ ᠰᠠᠭᠤᠬᠤ ᠳᠤ ᠯᠨ ᠦᠭᠡᠷ ᠳᠡᠷᠭᠡ ᠪᠠᠷ ᠡᠮᠡᠭᠡ ᠮᠢᠨᠢ ᠨᠠᠮᠠᠢᠢ ᠰᠤᠷᠭᠠᠭᠤᠯᠢ ᠳᠤ ᠬᠦᠷᠭᠡᠭᠰᠡᠨ ᠮᠢᠨᠢ | ᠦᠴᠦᠭᠡᠳᠦᠷᠭᠡᠨ ᠤ ᠤᠴᠢᠷ ᠰᠢᠭ᠋ ᠯᠨ ᠪᠤᠳᠤᠭᠳᠠᠵᠤ᠂ ᠤᠳᠤ ᠢᠩᠭᠢᠭᠡᠳ ᠦᠵᠡᠬᠦ ᠳᠤ ᠵᠡᠬᠦᠳᠤ ᠮᠡᠳᠦ ᠡ︕ ᠳᠠᠷᠨ | ᠦᠶ᠎ᠡ ᠳᠤ ᠪᠢᠳᠠ ᠦᠨᠡᠭᠡᠷ᠂ ᠨᠡᠶᠢᠭᠡᠮ ᠬᠦᠭᠵᠢᠭᠡᠳ ᠦᠨᠤᠳᠤᠷ ᠰᠢᠭ ᠪᠤᠯᠤᠨ᠎ᠠ ᠭᠡᠵᠤ ᠵᠡᠬᠦᠳᠤᠯᠠᠵᠤ ᠴᠤ ᠦᠵᠡᠭᠡᠳᠤᠢ᠂ | ᠮᠠᠨ ᠤ ᠵᠢᠷᠠᠨ ᠰᠤᠮᠤ ᠪᠠᠷ ᠰᠤᠷᠭᠠᠭᠤᠯᠢ ᠶᠢᠨ ᠨᠦᠬᠦᠴᠡᠯ ᠪᠦᠷᠢᠡᠰᠢᠭᠡ ᠦᠭᠡᠢ᠂ ᠠᠷᠭ᠎ᠠ ᠦᠭᠡᠢ ᠵᠢᠷᠠᠭᠠᠳ ᠭᠠᠵᠠᠷ | ᠤᠨ ᠵᠠᠢ ᠲᠠᠢ ᠪᠠᠶᠠᠩᠭᠤᠤᠯ ᠰᠤᠮᠤᠨ ᠤ ᠰᠤᠷᠭᠠᠭᠤᠯᠢ ᠳᠤ ᠰᠠᠭᠤᠭᠰᠠᠨ ᠶᠤᠮ᠃ ᠳᠠᠭᠡᠭᠡᠳ ᠭᠠᠵᠠᠷ ᠬᠤᠯᠨ ᠪᠤᠯᠬᠤᠷ | ᠪᠠᠶᠢᠷᠢ ᠳᠤ ᠰᠠᠭᠤᠵᠤ ᠭᠤᠷᠪᠠᠨ ᠭᠠᠷᠠᠭ ᠲᠤ ᠨᠢᠭᠡ ᠤᠳᠠᠭ᠎ᠠ ᠭᠡᠷ ᠲᠡᠭᠡᠨ ᠬᠠᠷᠢᠵᠤ ᠢᠷᠡᠨ᠎ᠡ᠃ ᠳᠠᠷᠨ ᠦᠶ᠎ᠡ ᠳᠤ | 11 ᠨᠠᠰᠤᠳᠠᠢ ᠨᠠᠳᠠ ᠳᠠᠭᠠᠨ ᠪᠤᠯ ᠶᠡᠭᠡ ᠬᠤᠯᠨ ᠶᠠᠪᠤᠵᠤ ︽ᠡᠷᠳᠠᠮ︾ ᠰᠤᠷᠴᠤ ᠪᠠᠶᠢᠭ᠎ᠠ ᠨᠢ ᠡᠨᠡ ᠶᠤᠮ᠃ | ᠭᠠᠷᠠᠭ ᠤᠨ ᠳᠠᠪᠤᠨ ᠤ ᠤᠷᠤᠢ ᠭᠡᠷ ᠠᠴᠠ ᠮᠤᠷᠢ ᠬᠦᠳᠦᠯᠦᠭᠰᠡᠨ ᠬᠦᠮᠤᠨ ᠪᠤᠶᠤ ᠦᠭᠡᠷ ᠮᠤᠷᠢᠨ ᠳᠡᠷᠭᠡ ᠲᠠᠢ | ᠬᠦᠮᠤᠨ ᠢᠷᠡᠬᠦ ᠶᠢ ᠨᠢᠳᠤ ᠪᠠᠨ ᠴᠢᠯᠠᠳᠠᠯ᠎ᠠ ᠪᠠᠷᠠᠭᠠᠯᠠᠵᠤ ᠰᠠᠭᠤᠨ᠎ᠠ︕ ᠮᠠᠨ ᠤ ᠠᠩᠭᠢ ᠶᠢᠨ ᠭᠡᠷ ᠭᠡᠵᠤ ᠭᠡᠳᠦᠨ ᠮᠦᠷ | ᠰᠤᠷᠭᠠᠭᠤᠯᠢ ᠶᠢᠨ ᠪᠠᠶᠢᠰᠢᠩ ᠤᠨ ᠢᠶᠠᠨ ᠬᠠᠮᠤᠭ ᠡᠮᠤᠨ᠎ᠠ ᠮᠦᠷ ᠲᠤ ᠪᠠᠶᠢᠳᠠᠭ ᠪᠤᠯᠬᠤᠷ ᠤᠷᠢᠳᠤ ᠳᠠᠯ᠎ᠠ ᠳᠠᠭᠠᠨ | ᠦᠭᠡᠷ᠎ᠡ ᠪᠠᠷᠢᠯᠭ᠎ᠠ ᠡᠨᠡ ᠳᠠᠷᠨ ᠦᠭᠡᠢ᠂ ᠰᠢᠭᠤᠳ ᠯᠨ ᠠᠯᠤᠰ ᠢ ᠪᠠᠷᠠᠭᠠᠯᠠᠵᠤ᠂ ᠡᠮᠤᠨ᠎ᠠ ᠪᠠᠨ ᠬᠤᠷᠢᠭᠠᠳ ᠭᠠᠵᠠᠷ | ᠳᠠᠯ᠎ᠠ ᠭᠠᠵᠠᠷ ᠪᠤᠯᠬᠤᠷ ᠳᠠᠷᠨ ᠵᠦᠭ ᠠᠴᠠ ᠮᠠᠨ ᠤ ᠬᠢᠨ ᠤ ᠭᠡᠨ ᠨᠢᠭᠡ ᠨᠢ ᠮᠤᠷᠢ ᠳᠠᠮᠡᠭᠡ ᠲᠠᠢ ᠴᠤ ᠬᠦᠷᠦᠭᠡᠳ | ᠢᠷᠡᠬᠦ ᠪᠤᠯᠤᠯᠴᠠᠭ᠎ᠠ ᠲᠠᠢ᠂ ᠳᠠᠭᠡᠬᠦᠯᠠᠷ ᠪᠢᠳᠠ ᠮᠠᠨ ᠤ ᠵᠡᠷᠭᠡᠯᠳᠡᠭᠡ ᠠᠶᠢᠯ ᠤᠨ ᠬᠢᠨ ᠨᠢᠭᠡᠨ ᠠᠴᠠ ᠨᠢ ᠭᠡᠤᠭᠡᠳ ᠢᠶᠠᠨ | ᠠᠪᠬᠤ ᠪᠠᠷ ᠢᠷᠡᠪᠡᠯ ᠬᠦᠳᠤᠯᠤᠭᠡ ᠮᠤᠷᠢ ᠲᠠᠢ ᠪᠤᠶᠤ ᠳᠠᠮᠡᠭᠡ ᠲᠠᠢ ᠴᠤ ᠢᠷᠡᠳᠡᠭ ᠪᠤᠯᠬᠤᠷ ᠬᠠᠶ᠋ᠨ ᠬᠠᠶ᠋ᠨ ᠳᠠᠷᠨ | ᠵᠦᠭ ᠨᠢᠳᠤ ᠬᠠᠶᠠᠵᠤ ᠰᠠᠭᠤᠨ᠎ᠠ︕ ᠳᠠᠭᠡᠭᠡᠳ ᠶᠠᠪᠤᠪᠠᠯ ᠭᠠᠷᠠᠭ ᠤᠨ ᠨᠢᠭᠡᠨ ᠤ ᠦᠳᠠ ᠶᠢᠨ ᠡᠮᠤᠨ᠎ᠠ ᠢᠷᠡᠪᠡᠯ | ᠪᠤᠯᠴᠢᠬᠠᠨ᠎ᠠ ᠭᠡᠳᠡᠭ ᠪᠠᠭᠰᠢ ᠶᠢᠨ ᠵᠢᠭᠠᠪᠤᠷᠢ ᠲᠠᠢ᠃ ᠡᠨᠡ ᠨᠢ ᠪᠢᠳᠠᠨ ᠢ ᠵᠠᠮ ᠬᠤᠯᠨ ᠪᠤᠯᠬᠤᠷ ᠢᠯᠡᠬᠦᠦ ᠴᠢᠯᠤᠭᠡ | ᠦᠭᠭᠦᠭᠰᠡᠨ ᠤᠬᠠᠭᠠᠨᠳᠠᠢ︕ ᠳᠠᠷᠨ ᠦᠶ᠎ᠡ ᠳᠤ ᠰᠤᠷᠭᠠᠭᠤᠯᠢ ᠶᠢᠨ ᠨᠦᠬᠦᠴᠡᠯ ᠠᠨᠠᠢ ᠪᠤᠯᠬᠤᠷ ᠬᠤᠭᠤᠯᠠᠨ ᠭᠡᠷ ᠤᠨ | ᠨᠦᠬᠦᠴᠡᠯ᠂ ᠰᠠᠭᠤᠬᠤ ᠪᠠᠶᠢᠷᠢ᠂ ᠠᠩᠭᠢ ᠶᠢᠨ ᠭᠡᠷ ᠪᠦᠷ ᠯᠨ ᠳᠦᠬᠦᠮᠭᠡᠨ ᠪᠠᠶᠢᠭᠰᠠᠨ︕ | ᠦᠷᠯᠦᠭᠡ ᠡᠷᠳᠠᠨᠢ ᠰᠢᠰᠢ ᠲᠠᠢ ᠬᠠᠷ᠎ᠠ ᠴᠠᠢ ᠤᠤᠭᠤᠵᠤ᠂ ᠦᠳᠠ ᠳᠤ ᠡᠷᠳᠠᠨᠢ ᠰᠢᠰᠢ ᠲᠠᠢ ᠬᠠᠷ᠎ᠠ ᠴᠠᠢ ᠪᠤᠶᠤ | ᠤᠯᠠᠭᠠᠨ ᠰᠢᠰᠢ ᠲᠠᠢ ᠴᠠᠢ ᠤᠤᠭᠤᠳᠠᠭ᠂ ᠤᠷᠤᠢ ᠰᠢᠷ᠎ᠡ ᠭᠤᠯᠢᠷ ᠤᠨ ᠮᠠᠨᠳᠠᠤ᠂ ᠴᠠᠭᠠᠨ ᠨᠤᠭᠤᠭ᠎ᠠ ᠲᠠᠢ ᠭᠠᠭ᠋ᠠᠢ ᠶᠢᠨ | ᠬᠦᠷᠦᠰᠦᠯᠢᠭ ᠮᠢᠬ᠎ᠠ ᠲᠠᠢ ᠱᠦᠯᠦ ᠪᠠᠷ ᠪᠤᠯᠭᠠᠵᠤ᠂ ᠭᠠᠷᠠᠭ ᠲᠤ ᠨᠢᠭᠡ ᠤᠳᠠᠭ᠎ᠠ ᠴᠠᠭᠠᠨ ᠭᠤᠯᠢᠷ ᠤᠨ ᠮᠠᠨᠳᠠᠤ | ᠢᠳᠠᠨ᠎ᠠ ᠭᠡᠳᠡᠭ ᠴᠢᠨᠢ ᠪᠢᠳᠠᠨ ᠳᠤ ᠴᠤᠬᠤᠮ ᠶᠡᠭᠡ ᠪᠠᠶᠠᠷ ᠪᠤᠯᠬᠤ ᠨᠢ ᠳᠠᠷᠨ ᠡ︕ | ᠨᠢᠭᠡ ᠠᠩᠭᠢ ᠳᠤ ᠵᠢᠷᠠᠭᠠᠳ ᠰᠤᠷᠤᠭᠴᠢ ᠰᠢᠬᠠᠯᠴᠠᠨ ᠰᠠᠭᠤᠵᠤ᠂ ᠬᠡᠯᠨ ᠳᠤᠭ᠎ᠠ ᠪᠠᠨ ᠭᠤᠷᠪᠠ ᠠᠩᠭᠢ | ᠪᠤᠯᠳᠠᠯ᠎ᠠ ᠰᠤᠷᠴᠤ ᠪᠠᠶᠢᠭᠠᠳ ᠳᠠᠭᠡᠷ᠎ᠡ ᠨᠢ ᠬᠢᠳᠠᠳ ᠭᠡᠯᠨ ᠨᠡᠮᠡᠭᠳᠡᠵᠦ ᠭᠤᠤᠯ ᠪᠤᠯᠬᠤ ᠬᠢᠴᠢᠶᠡᠯ ᠨᠢ ᠡᠨᠡ ᠭᠤᠷᠪᠠ | ᠯᠨ ᠪᠠᠶᠢᠵᠤ᠂ ᠳᠠᠭᠠᠭᠤᠳᠠ ᠳᠤᠨᠢ ᠳᠠᠮᠢᠷ᠂ ᠳᠠᠭᠤᠤ᠂ ᠵᠢᠷᠤᠭ ᠭᠡᠵᠤ ᠬᠢᠴᠢᠶᠡᠯ ᠤᠷᠤᠨ᠎ᠠ︕ ᠪᠢᠳᠠ ᠬᠢᠴᠢᠶᠡᠯ ᠢᠶᠠᠨ | ᠰᠠᠶᠢᠨ ᠠᠩᠬᠠᠷᠳᠠᠭ ᠤᠨ ᠪᠤᠯᠪᠠᠤ᠂ ᠬᠢᠴᠢᠶᠡᠯ ᠳᠦᠷᠦᠯ ᠨᠢ ᠴᠦᠭᠡᠭᠡᠨ ᠤ ᠴᠤ ᠪᠤᠯᠪᠠᠤ᠂ ᠵᠠᠭᠤᠨ ᠤ ᠵᠠᠭᠤ ᠪᠠᠷ ᠰᠤᠷᠴᠤ᠂ | ᠨᠠᠭᠠᠳᠬᠤ ᠴᠠᠭ ᠲᠠᠭᠠᠨ ᠰᠢᠪᠠᠷ ᠮᠤᠳᠤ᠂ ᠴᠠᠰᠤ ᠪᠠᠷ ᠴᠤᠬᠤᠮ ᠴᠤ ᠤᠬᠢᠯᠠᠨ ᠳᠠᠭᠤᠯᠠᠨ ᠢᠶᠠᠨ ᠪᠠᠷᠠᠳᠠᠯ᠎ᠠ ᠨᠠᠭᠠᠳᠴᠤ᠂ | ᠬᠠᠶ᠋ᠨ ᠨᠢᠭᠡ ᠳᠠᠮᠢᠷ ᠤᠨ ᠬᠢᠴᠢᠶᠡᠯ ᠳᠠᠭᠡᠷ᠎ᠡ ᠪᠠᠭᠰᠢ ᠠᠯᠠᠭ ᠪᠦᠮᠪᠦᠭᠡ ᠠᠪᠴᠢᠷᠠᠨ᠂ ᠬᠦᠯ ᠪᠦᠮᠪᠦᠭᠡ ᠵᠢᠭᠠᠵᠤ | ᠦᠭᠭᠦᠭᠡᠳ ᠨᠢᠭᠡ ᠪᠠᠭ᠎ᠠ ᠨᠠᠭᠠᠳᠤᠭᠤᠯᠤᠭᠠᠳ ᠯᠨ ᠠᠪᠤᠭᠠᠳ ᠶᠠᠪᠤᠴᠢᠬᠠᠳᠠᠭ᠃ ᠪᠤᠳᠤᠬᠤ ᠳᠤ ᠪᠦᠮᠪᠦᠭᠡ ᠪᠠᠨ | ᠭᠠᠮᠨᠠᠵᠤ ᠪᠠᠶᠢᠳᠠᠭ ᠯᠨ ᠪᠤᠯᠤᠯᠳᠠᠢ︕ ᠥᠭᠡᠷ᠎ᠡ ᠨᠠᠭᠠᠳᠤᠮ ᠭᠡᠵᠤ ᠪᠠᠶᠢᠬᠤ ᠦᠭᠡᠢ᠂ ᠵᠠᠷᠢᠮ ᠳᠠᠭᠠᠨ ᠬᠢᠳᠠᠯ | ᠦᠭᠡᠶᠢᠳᠠᠵᠤ ᠰᠤᠷᠭᠠᠭᠤᠯᠢ ᠶᠢᠨ ᠬᠠᠵᠠᠭᠤ ᠪᠠᠷ ᠦᠩᠭᠡᠷᠡᠬᠦ ᠦᠭᠡᠷ ᠪᠢᠷᠠᠭᠤᠳ᠂ ᠡᠯᠵᠢᠭᠡ ᠵᠡᠷᠭᠡ ᠶᠢ ᠪᠠᠷᠢᠵᠤ | ᠵᠠᠶᠢᠳᠠᠯᠠᠭᠠᠳ ᠡᠵᠡᠨ ᠳᠤᠨᠢ ᠠᠭᠤᠷᠯᠠᠭᠳᠠᠨᠠ︕ ᠳᠠᠷᠨ ᠦᠶ᠎ᠡ ᠳᠤ ᠦᠭᠡᠷ᠎ᠡ ᠨᠠᠭᠠᠳᠤᠮ ᠤᠨ ᠵᠦᠢᠯ ᠭᠡᠵᠤ ᠪᠠᠶᠢᠬᠤ | ᠦᠭᠡᠢ᠃ | ᠪᠠᠭ᠎ᠠ ᠰᠤᠷᠭᠠᠭᠤᠯᠢ ᠳᠤ ᠪᠠᠶᠢᠬᠤ ᠳᠤ ᠨᠢᠭᠡ ᠮᠠᠳᠠᠬᠦ ᠳᠤ ᠮᠠᠨ ᠤ ᠰᠤᠷᠭᠠᠭᠤᠯᠢ ᠶᠢᠨ ᠨᠢᠭᠡ ᠵᠢᠵᠢᠭ ᠳᠦᠷᠪᠡᠨ | ᠬᠦᠷᠳᠤᠳᠤ ᠲᠷᠠᠺᠲ᠋ᠤᠷ ᠲᠠᠢ ᠪᠤᠯᠤᠭᠰᠠᠨ ᠪᠢᠯᠨ︕ ᠳᠠᠷᠨ ᠨᠢ ᠮᠠᠨ ᠤ ᠬᠠᠮᠤᠭ ᠠᠩᠬ᠎ᠠ᠂ ᠬᠠᠮᠤᠭ ᠤᠶᠢᠷ᠎ᠠ ᠶᠢᠨ | ᠦᠵᠡᠬᠦ ᠳᠤᠷᠠᠳᠠᠢ ᠮᠠᠰᠢᠨ ᠪᠠᠭᠠᠵᠢ ᠶᠢᠨ ᠨᠢᠭᠡ ᠳᠦᠷᠦᠯ ᠪᠠᠶᠢᠭᠰᠠᠨ᠃ ᠰᠠᠬᠦᠯ ᠳᠤᠨᠢ ᠰᠤᠮᠤᠨ ᠤ ᠵᠠᠰᠠᠭ ᠤᠨ | ᠤᠷᠳᠤᠨ ᠳᠤ ᠨᠢᠭᠡ ᠨᠤᠭᠤᠭᠠᠨ ᠦᠩᠭᠡ ᠲᠠᠢ ᠮᠤᠬᠤᠷ ᠳᠡᠷᠭᠡ ᠲᠠᠢ ᠪᠤᠯᠵᠤ᠂ ᠪᠢᠳᠠ ᠶᠡᠭᠡᠳᠠ ᠰᠤᠨᠢᠷᠬᠠᠨ | ᠦᠵᠡᠵᠡᠭᠡᠵᠦ᠂ ᠲᠷᠠᠺᠲ᠋ᠤᠷ ᠮᠠᠰᠢᠨ ᠤ ᠵᠢᠯᠤᠭᠤᠴᠢ ᠶᠢ ᠶᠡᠭᠡᠳᠠ ᠪᠠᠭ᠋ᠠᠷᠬᠠᠨ ᠳᠠᠭᠠᠵᠤ᠂ ᠬᠤᠵᠢᠮ ᠡᠶᠢᠮᠤ ᠮᠠᠰᠢᠨ | ᠲᠷᠠᠺᠲ᠋ᠤᠷ ᠤᠨ ᠵᠢᠯᠤᠭᠤᠴᠢ ᠪᠤᠯᠬᠤ ᠬᠦᠰᠡᠯ ᠲᠠᠢ ᠪᠤᠯᠴᠢᠬᠠᠵᠤ᠂ ᠪᠠᠭᠰᠢ ᠠᠴᠠ ᠪᠢᠳᠠᠨ ᠤ ᠬᠦᠰᠡᠯᠡᠩ ᠢ ᠠᠰᠠᠭᠤᠪᠠᠯ | ᠳᠠᠷᠭᠡᠨ ᠤ ᠵᠢᠯᠤᠭᠤᠴᠢ ᠪᠤᠯᠤᠨ᠎ᠠ ᠴᠤ ᠭᠡᠵᠤ ᠬᠠᠷᠢᠭᠤᠯᠳᠠᠭ᠃ ᠳᠠᠭᠡᠬᠦ ᠳᠤ ᠪᠠᠭᠰᠢ ᠠᠴᠠ ᠳᠠᠨᠠᠷ ᠡᠷᠳᠠᠮ ᠨᠤᠮ ᠢᠶᠠᠨ | ᠰᠠᠶᠢᠨ ᠰᠤᠷᠪᠠᠯ ᠮᠠᠰᠢᠨ ᠵᠢᠯᠤᠭᠤᠳᠴᠤ ᠴᠢᠳᠠᠬᠤ ᠮᠦᠷᠳᠠᠭᠡᠨ ᠡᠳᠡᠭᠡᠷ ᠮᠠᠰᠢᠨ ᠢ ᠵᠤᠬᠢᠶᠠᠵᠤ ᠬᠢᠵᠤ ᠵᠠᠰᠠᠵᠤ ᠰᠠᠯᠪᠢᠬᠦ | ᠶᠢ ᠪᠦᠷ ᠴᠢᠳᠠᠵᠤ ᠪᠤᠯᠤᠨ᠎ᠠ ᠭᠡᠵᠤ ᠪᠢᠳᠠᠨ ᠤ ᠬᠦᠰᠡᠯᠡᠩ ᠢ ᠵᠤᠷᠢᠭᠵᠢᠭᠤᠯᠵᠤ᠂ ᠬᠤᠶᠠᠷ ᠮᠢᠩᠭᠠᠨ ᠤᠨ ᠪᠤᠯᠪᠠᠯ | ᠬᠦᠮᠤᠨ ᠪᠦᠬᠦᠨ ᠮᠠᠰᠢᠨ ᠲᠠᠢ ᠪᠤᠯᠵᠤ ᠬᠦᠭᠵᠢᠨ᠎ᠡ ᠭᠡᠵᠤ ᠵᠡᠬᠦᠳᠤ ᠮᠡᠳᠦ ᠰᠤᠷᠭᠠᠯ ᠬᠠᠶᠢᠷᠠᠯᠠᠵᠤ ᠪᠠᠶᠢᠭᠰᠠᠨ ᠢ | ᠤᠳᠤ ᠪᠤᠳᠤᠬᠤ ᠳᠤ ᠦᠨᠡᠭᠡᠷ ᠪᠡᠶᠡᠯᠡᠭᠳᠡᠵᠦ᠂ ᠠᠶᠢᠯ ᠪᠦᠬᠦᠨ ᠮᠠᠰᠢᠨ ᠲᠠᠢ ᠪᠤᠯᠤᠭᠰᠠᠨ ᠢᠶᠠᠷ ᠪᠠᠷᠠᠬᠤ ᠦᠭᠡᠢ ᠬᠦᠮᠤᠨ | ᠪᠦᠬᠦᠨ ᠪᠠᠷᠤᠭ ᠮᠠᠰᠢᠨ ᠪᠠᠷᠢᠵᠤ ᠴᠢᠳᠠᠬᠤ ᠮᠦᠷᠳᠠᠭᠡᠨ ᠵᠠᠰᠠᠵᠤ ᠴᠢᠳᠠᠬᠤ ᠬᠦᠮᠤᠨ ᠴᠤ ᠤᠯᠠᠨ ᠪᠤᠯᠵᠤ᠂ ᠨᠢᠰᠭᠡᠯ᠂ | ᠭᠠᠯᠳᠤ ᠳᠠᠷᠭᠡ ᠶᠢ ᠳᠠᠷᠨ ᠦᠶ᠎ᠡ ᠳᠤ ᠵᠢᠷᠤᠭ ᠳᠠᠭᠡᠷ᠎ᠡ ᠠᠴᠠ ᠯᠨ ᠦᠵᠡᠵᠤ ᠪᠠᠶᠢᠭᠰᠠᠨ ᠪᠤᠯ ᠤᠳᠤ ᠭᠠᠶᠢᠬᠠᠮᠠᠷ | ᠵᠦᠢᠯ ᠪᠢᠰᠢ ᠪᠤᠯᠴᠢᠬᠠᠭᠰᠠᠨ ᠪᠤᠯᠵᠠᠢ᠃ ᠨᠦᠬᠦᠴᠡᠯ ᠳᠠᠭᠠᠷᠠᠪᠠᠯ ᠦᠨᠤ ᠳᠠᠶᠢᠷᠤᠯᠳᠤ ᠳᠤᠨᠢ ᠨᠢᠭᠡ ᠰᠠᠭᠤᠵᠤ ᠦᠵᠡᠮᠡᠷ | ᠶᠠᠷᠢᠯᠴᠠᠳᠠᠭ ᠪᠤᠯᠤᠭᠰᠠᠨ᠃ ᠤᠯᠤᠰ ᠭᠡᠷ ᠤᠨ ᠬᠦᠭᠵᠢᠯᠳᠠ ᠭᠡᠵᠤ ᠦᠨᠡᠭᠡᠷ ᠨᠢᠳᠤ ᠢᠷᠮᠡᠬᠦ ᠶᠢᠨ ᠵᠠᠭᠤᠷ᠎ᠠ ᠡ︕ | ᠨᠠᠶᠠᠭᠠᠳ ᠤᠨ ᠳᠤ ᠬᠤᠪᠢ ᠠᠶᠢᠯ ᠢ ᠪᠢᠳᠠᠭᠡᠢ ᠭᠡᠯᠨ ᠰᠤᠷᠭᠠᠭᠤᠯᠢ ᠠᠯᠪᠠᠨ ᠤ ᠬᠢᠨ ᠴᠤ ᠠᠷᠭᠠᠯ ᠬᠦᠷᠵᠡᠩ | ᠢᠶᠠᠨ ᠳᠠᠬᠦᠬᠦ ᠪᠤᠶᠤ ᠬᠤᠳᠠᠯᠳᠤᠵᠤ ᠠᠪᠤᠨ ᠳᠤᠯᠠᠭᠠᠯᠭ᠎ᠠ ᠶᠢᠨ ᠠᠰᠠᠭᠤᠳᠠᠯ ᠢᠶᠠᠨ ᠠᠷᠭᠠᠴᠠᠭᠠᠵᠤ ᠪᠠᠶᠢᠭᠰᠠᠨ ᠪᠤᠯ | ᠤᠳᠤ ᠴᠢᠨᠢ ᠨᠡᠬᠦᠷᠡᠰᠤ ᠳᠦᠯᠡᠬᠦ ᠪᠤᠶᠤ ᠴᠠᠬᠢᠯᠭᠠᠨ ᠵᠤᠤᠬ᠎ᠠ᠂ ᠴᠠᠬᠢᠯᠭᠠᠨ ᠬᠠᠯᠠᠭᠠᠭᠤᠷ᠂ ᠨᠡᠬᠦᠷᠡᠰᠤᠨ ᠭᠡᠢ ᠶᠢᠨ ᠵᠤᠤᠬ᠎ᠠ | ᠵᠡᠷᠭᠡ ᠶᠢ ᠠᠰᠢᠭᠯᠠᠵᠤ ᠳᠤᠯᠠᠭᠠᠯᠭ᠎ᠠ ᠬᠢᠬᠦ ᠪᠤᠶᠤ ᠠᠮᠢᠳᠤᠷᠠᠯ ᠲᠠᠭᠠᠨ ᠭᠡᠷᠡᠭᠰᠡᠬᠦ ᠪᠤᠯᠵᠤ᠂ ᠴᠤᠬᠤᠮ ᠴᠤ ᠤᠳᠤᠭ᠎ᠠ | ᠤᠨᠢᠶᠠᠷ ᠦᠭᠡᠢ ᠳᠠᠭᠡᠷ᠎ᠡ ᠪᠠᠨ ᠳᠦᠬᠦᠮ ᠳᠦᠳᠦ ᠶᠢ ᠭᠡᠯᠡᠬᠦ ᠶᠢᠨ ᠠᠷᠭ᠎ᠠ ᠦᠭᠡᠢ︕ ᠵᠠᠷᠢᠮ ᠴᠠᠬᠢᠯᠭᠠᠨ | ᠳᠤᠯᠠᠭᠠᠴᠠᠭᠤᠷ ᠨᠢ ᠠᠯᠤᠰ ᠡᠵᠡᠮᠳᠠᠯ ᠢᠶᠠᠷ ᠭᠡᠷ ᠢᠶᠠᠨ ᠬᠠᠯᠠᠭᠤᠯᠵᠤ ᠪᠤᠯᠬᠤ ᠪᠤᠯᠤᠭᠰᠠᠨ ᠪᠠᠶᠢᠨ᠎ᠠ︕ | ᠨᠠᠶ᠋ᠨ ᠶᠡᠷᠡᠭᠡᠳ ᠤᠨ ᠳᠤ ᠠᠶᠢᠮᠠᠭ ᠬᠤᠰᠢᠭᠤᠨ ᠤ ᠬᠤᠭᠤᠷᠤᠨᠳᠤ ᠠᠶᠠᠨᠴᠢᠳ ᠤᠨ ᠮᠠᠰᠢᠨ ᠡᠳᠦᠷ ᠤᠨ ᠨᠢᠭᠡ | ᠬᠤᠶᠠᠷ ᠬᠦᠶᠦᠵᠤ᠂ ᠵᠠᠮ ᠳᠤᠰᠤᠭᠰᠠᠨ ᠠᠶᠠᠨᠴᠢᠳ ᠪᠠᠭᠳᠠᠵᠤ ᠦᠭᠭᠦ ᠦᠭᠡᠢ ᠰᠠᠨᠳᠤᠷᠭᠠᠵᠤ᠂ ᠦᠭᠡᠷ᠎ᠡ ᠳᠡᠷᠭᠡ ᠮᠠᠰᠢᠨ | ᠴᠤ ᠬᠤᠪᠤᠷ ᠪᠠᠶᠢᠳᠠᠭ ᠪᠤᠯᠬᠤᠷ ᠨᠢᠭᠡ ᠶᠠᠪᠤᠵᠤ ᠰᠠᠭᠤᠨ᠎ᠠ ᠭᠡᠪᠡᠯ ᠭᠡᠳᠤᠢ ᠬᠤᠨᠤᠭ ᠤᠨ ᠶᠠᠪᠤᠳᠠᠯ ᠪᠤᠯᠬᠤ ᠤᠴᠢᠷ ᠴᠤ | ᠪᠠᠶᠢᠳᠠᠭ᠃ | ᠤᠳᠤ ᠦᠪᠡᠷᠳᠠᠭᠡᠨ ᠳᠡᠷᠭᠡ ᠦᠭᠡᠢ ᠨᠢ ᠳᠦᠷᠢᠶᠡᠰᠦᠨ ᠳᠡᠷᠭᠡ ᠳᠠᠭᠤᠳᠠᠭᠠᠳ ᠡᠬᠦᠳᠠᠨ ᠠᠴᠠ ᠪᠠᠨ | ᠭᠠᠷᠤᠭᠠᠳ ᠶᠠᠪᠤᠪᠠᠯ ᠬᠦᠷᠳᠡᠭ ᠭᠠᠵᠠᠷ ᠢᠶᠠᠨ ᠬᠦᠷᠦᠭᠡᠳ᠂ ᠡᠬᠦᠳᠠᠨ ᠳᠡᠭᠡᠨ ᠢᠷᠡᠳᠠᠯᠠ ᠳᠡᠷᠭᠡ ᠲᠠᠢ ᠨᠢᠰᠭᠡᠵᠤ | ᠢᠷᠡᠨ᠎ᠡ︕ | ᠨᠡᠩ ᠴᠤ ᠴᠢᠮᠡᠭ ᠨᠡᠪᠳᠡᠷᠡᠬᠦᠯᠭᠡ ᠶᠢᠨ ᠳᠠᠯ᠎ᠠ ᠪᠠᠷ ᠶᠠᠷᠢᠬᠤ ᠶᠤᠮ ᠪᠤᠯ ᠨᠠᠶ᠋ᠨ ᠶᠡᠷᠡᠭᠡᠳ ᠤᠨ ᠳᠤ ᠭᠡᠷ ᠤᠨ | ︵ᠳ᠋ᠢᠶᠠᠩᠬᠤᠸ᠋ᠨ︶ ᠤᠳᠠᠰᠤ ᠭᠡᠵᠤ ᠡᠳᠦᠷ ᠤᠨ ᠤᠳᠤ ᠪᠠᠶᠢᠵᠤ᠂ ᠰᠤᠮᠤᠨ ᠳᠤ ᠬᠦᠷᠴᠤ ᠰᠢᠤᠳᠠᠨ ᠰᠠᠯᠪᠤᠷᠢ ᠡᠷᠢᠨ | ᠵᠠᠬᠢᠳᠠᠯ ᠪᠢᠴᠢᠭ ᠶᠠᠪᠤᠭᠤᠯᠬᠤ ᠪᠤᠶᠤ ᠤᠳᠠᠰᠤ᠂ ᠴᠠᠬᠢᠯᠭᠠᠨ ᠮᠠᠳᠡᠭᠡ ᠴᠤᠬᠢᠵᠤ ᠠᠷᠠᠢ ᠭᠡᠵᠤ ᠡᠳᠦᠷ ᠲᠡᠭᠡᠨ ᠨᠡᠪᠳᠡᠷᠡᠬᠦ᠂ | ᠨᠡᠪᠳᠡᠷᠡᠬᠦ ᠦᠭᠡᠢ ᠲᠠᠢ ᠪᠠᠶᠢᠳᠠᠭ ᠪᠤᠯ ᠤᠳᠤ ᠰᠦᠯᠵᠢᠶ᠎ᠠ ᠬᠤᠯᠪᠤᠭ᠎ᠠ ᠨᠠᠪᠳᠡᠷᠡᠵᠤ ᠬᠠᠮᠢᠶ᠎ᠠ ᠪᠠᠶᠢᠪᠠᠯ ᠳᠠᠨᠳᠠ ᠠᠴᠠ | ᠢᠶᠠᠨ ᠵᠢᠷᠤᠭ ᠳᠦᠷᠰᠤ ᠪᠠᠷ ᠢᠶᠠᠨ ᠶᠠᠷᠢᠯᠴᠠᠵᠤ᠂ ᠬᠤᠯᠨ ᠭᠠᠵᠠᠷ ᠬᠠᠷᠢ ᠬᠦᠷᠦᠨ ᠳᠤ ᠶᠠᠪᠤᠭᠰᠠᠨ ᠴᠤ ᠭᠡᠷ ᠲᠡᠭᠡᠨ | ᠬᠠᠵᠠᠭᠤᠳᠠ ᠪᠠᠨ ᠪᠠᠶᠢᠬᠤ ᠰᠢᠭ ᠯᠨ ᠶᠠᠷᠢᠯᠴᠠᠵᠤ ᠵᠤᠭᠤᠭᠳᠠᠨ᠂ ᠭᠠᠵᠠᠷ ᠭᠠᠵᠠᠷ ᠤᠨ ᠰᠤᠨᠢᠨ ᠤᠴᠢᠷ ᠢ ᠨᠢᠳᠤᠨ | ᠡᠮᠤᠨ᠎ᠠ ᠪᠠᠨ ᠳᠠᠯᠭᠡᠬᠦ ᠪᠤᠯᠵᠠᠢ︕ | ᠠᠩᠬ᠎ᠠ ᠪᠤᠳᠠᠭ᠎ᠠ ᠴᠠᠢ ᠪᠠᠨ ᠰᠠᠷ᠎ᠠ ᠳᠡᠭᠡᠨ ᠦᠭᠡᠷ ᠮᠤᠷᠢᠨ ᠳᠡᠷᠭᠡ ᠪᠠᠨ ᠬᠦᠯᠤᠵᠤ ᠰᠤᠮᠤ ᠤᠷᠤᠵᠤ ᠭᠡᠳᠦᠭᠡᠨ | ᠵᠦᠢᠯ ᠤᠨ ᠮᠠᠶᠢᠮᠠᠢ ᠢᠶᠠᠨ ᠬᠢᠭᠡᠳ ᠰᠠᠭᠤᠳᠠᠭ ᠪᠠᠶᠢᠭᠰᠠᠨ ᠪᠤᠯ ᠤᠳᠤ ᠭᠡᠷ ᠲᠡᠭᠡᠨ ᠰᠠᠭᠤᠵᠤ ᠪᠠᠶᠢᠭᠠᠳ ᠪᠡᠯᠡᠨ | ᠬᠤᠭᠤᠯᠨ ᠠᠭᠤᠷ ᠪᠠᠭᠠᠬᠢᠭᠤᠯᠤᠨ ᠵᠠᠬᠢᠶᠠᠯᠠᠵᠤ ᠠᠪᠴᠢᠷᠠᠭᠠᠳ ᠢᠳᠠᠵᠤ ᠪᠤᠯᠬᠤ ᠪᠤᠯᠤᠭᠰᠠᠨ᠂ ᠨᠡᠩ ᠴᠤ ᠳᠤᠭᠤᠭᠰᠠᠨ | ᠬᠤᠪᠴᠠᠰᠤ ᠪᠠᠷᠠᠭ᠎ᠠ ᠪᠠᠨ ᠤᠯᠤᠰ ᠬᠦᠷᠦᠨ ᠤ ᠡᠯ᠎ᠡ ᠭᠠᠵᠠᠷ ᠠᠴᠠ ᠬᠠᠮᠢᠭ᠎ᠠ ᠠᠴᠠ ᠠᠪᠤᠶ᠎ᠠ ᠭᠡᠪᠡᠯ ᠳᠠᠨᠳᠠ ᠠᠴᠠ | ᠳᠦᠷᠭᠡᠨ ᠬᠤᠪᠢᠭᠤᠯᠭᠠ ᠪᠠᠷ ᠵᠠᠬᠢᠶᠠᠯᠠᠨ ᠠᠪᠴᠢᠷᠠᠵᠤ ᠴᠢᠳᠠᠬᠤ ᠪᠤᠯᠤᠭᠰᠠᠨ ᠪᠤᠯᠳᠠᠯ᠎ᠠ ᠬᠦᠭᠵᠢᠵᠡᠢ︕ | ᠪᠢ ᠡᠨᠡ ᠪᠦᠬᠦᠨ ᠢ ᠪᠤᠳᠤᠨ ᠰᠠᠭᠤᠳᠠᠯ᠎ᠠ ᠭᠠᠷ ᠤᠳᠠᠰᠤ ᠳᠠᠬᠢᠨ ᠳᠦᠷᠰᠤᠳᠤ ᠭᠡᠯᠪᠡᠷᠢ ᠪᠠᠷ ᠬᠤᠩᠬᠤᠳᠠᠯᠠ | ᠡ︕ ᠨᠡᠭᠡᠭᠡᠵᠤ ᠦᠵᠡᠪᠡᠯ ︽ᠨᠢᠩᠵᠢᠨ ᠬᠠᠶᠢᠷ᠎ᠠ︾ ᠰᠠᠶᠢᠨ ᠳᠤᠷ᠎ᠠ ᠶᠢᠨ ᠨᠡᠶᠢᠭᠡᠮᠯᠢᠭ ᠤᠨ ᠠᠬᠠᠯᠠᠭᠴᠢ ᠰᠠᠴᠠᠨ ᠠᠴᠠ | ︽ᠦᠨᠤᠳᠤᠷ 307 ᠤᠯᠤᠰ ᠤᠨ ᠵᠠᠮ ᠤᠨ ᠳᠠᠭᠠᠤ ᠭᠡᠰᠡᠭ ᠴᠡᠪᠡᠷᠯᠡᠭᠡ ᠬᠢᠭᠡᠳ ᠬᠤᠰᠢᠭᠤᠨ ᠳᠦᠪ ᠳᠠᠭᠡᠷ᠎ᠡ ᠨᠢᠭᠡᠨ | ᠬᠦᠴᠢᠷᠳᠠᠯᠳᠠᠢ ᠰᠤᠷᠤᠭᠴᠢ ᠳᠤ ᠬᠠᠨᠳᠢᠪ ᠴᠤᠭᠯᠠᠭᠤᠯᠬᠤ ᠬᠦᠳᠠᠯᠭᠡᠭᠡᠨ ᠦᠷᠨᠢᠬᠦᠯᠤᠨ᠎ᠠ᠂ ᠠᠬ᠎ᠠ ᠲᠠ ᠤᠷᠤᠯᠴᠠᠵᠤ | ᠳᠠᠶᠢᠯᠬᠦ ᠤᠤ︾ ᠭᠡᠰᠡᠨ ᠠᠬᠠᠯᠠᠭᠴᠢ ᠶᠢᠨ ᠴᠢᠷᠠᠢ ᠳᠤᠳᠤᠷᠠᠯ᠎ᠠ︕ ᠪᠢ ︽ᠳᠠᠶᠢᠮᠤ ᠤᠤ᠂ ᠰᠠᠶ᠋ᠢᠬᠠᠨ ᠬᠤᠰᠢᠭᠤᠨ ᠠᠴᠠ | ᠢᠷᠡᠯ᠎ᠡ᠂ ᠮᠠᠯ ᠢᠶᠠᠨ ᠵᠢᠭᠠᠬᠠᠨ ᠳᠦᠪᠬᠢᠨᠡᠬᠦᠯᠴᠢᠭᠡᠭᠡᠳ ᠬᠦᠷᠦᠶ᠎ᠡ︾ ᠭᠡᠵᠤ ᠭᠡᠯᠡᠭᠡᠳ ᠵᠡᠷᠭᠡᠯᠠᠳᠡᠭᠡ ᠠᠶᠢᠯ ᠳᠠᠭᠠᠨ ᠬᠦᠷᠬᠦ | ᠰᠢᠭ ᠦᠨᠤᠳᠤᠷ ᠬᠤᠰᠢᠭᠤᠨ ᠳᠦᠪ ᠬᠤᠶᠠᠷ ᠤᠷᠤᠬᠤ ᠪᠤᠯᠤᠭᠰᠠᠨ ᠳᠠᠭᠠᠨ ᠢᠨᠢᠶᠡᠳᠤ ᠬᠦᠷᠦᠯ᠎ᠡ︕ | |