ᠰᠢᠳᠤ ᠪᠠᠨ ᠡᠳᠤᠷ ᠪᠦᠷᠢ ᠭᠤᠷᠪᠠ ᠤᠳᠠᠭ᠎ᠠ ᠱᠤᠸᠠᠰᠠᠳᠠᠪᠠᠯ ᠵᠢᠷᠤᠭᠡ ᠴᠢᠰᠤᠨ  ᠰᠤᠳᠡᠯ ᠤᠨ ᠡᠪᠡᠳᠴᠢᠨ ᠢ ᠰᠡᠷᠭᠡᠶᠢᠯᠡᠵᠤ ᠪᠤᠯᠤᠨ᠎ᠠ
ᠨᠡᠶᠢᠲᠡᠯᠡᠭᠰᠡᠨ ᠴᠠᠭ᠄
2019-03-19
     ᠰᠤᠳᠤᠯᠭᠠᠨ ᠤ ᠬᠥᠮᠤᠰ ᠤᠨ ᠰᠤᠩᠭᠤᠭᠰᠠᠨ ᠲᠤᠭ᠎ᠠ ᠪᠠᠷᠢᠮᠳᠠ ᠨᠢ ᠺᠤᠷᠢᠶᠠ ᠶᠢᠨ ᠤᠯᠤᠰ ᠤᠨ ᠡᠷᠡᠬᠦᠯ  ᠮᠠᠨᠳᠤ   ᠶᠢᠨ ᠲᠠᠭᠠᠳᠬᠠᠯ ᠤᠨ ᠰᠢᠰᠲ᠋ᠧᠮ ᠠᠴᠠ ᠢᠷᠠᠯᠳᠠ ᠲᠠᠢ᠂ ᠲᠡᠬᠦᠨ ᠳᠤ ᠨᠡᠶᠢᠳᠡ 24.8 ᠲᠦᠮᠡᠨ 40  ᠨᠠᠰᠤᠨ   ᠠᠴᠠ  ᠲᠡᠭᠡᠭᠰᠢᠬᠢ ᠰᠠᠭᠤᠭᠠᠯᠢ ᠠᠷᠠᠳ ᠤᠨ ᠮᠡᠳᠡᠭᠡ ᠵᠠᠩᠬᠢ ᠶᠢ ᠬᠤᠷᠢᠶᠠᠨ ᠴᠤᠭᠯᠠᠭᠤᠯᠵᠠᠢ᠃ ᠰᠢᠳᠤᠨ   ᠤ  ᠡᠮᠨᠡᠯᠭᠡ   ᠶᠢᠨ  ᠪᠠᠶᠢᠴᠠᠭᠠᠯᠳᠠ   ᠶᠢᠨ ᠲᠤᠭ᠎ᠠ ᠪᠠᠷᠢᠮᠳᠠ ᠳᠤ ᠢᠯᠡᠷᠡᠬᠦᠯᠦᠭᠰᠡᠨ ᠢᠶᠠᠷ᠂ ᠡᠬᠦᠨ ᠤ ᠲᠤᠳᠤᠷᠡᠬᠢ 40.5% ᠶᠢᠨ ᠬᠥᠮᠤᠰ  ᠰᠢᠳᠤ   ᠪᠠᠨ  ᠡᠳᠤᠷ  ᠪᠦᠷᠢ ᠨᠠᠭᠠᠳᠤ ᠵᠠᠬ᠎ᠠ ᠳᠠᠭᠠᠨ 3 ᠤᠳᠠᠭ᠎ᠠ ᠱᠤᠸᠠᠰᠠᠳᠠᠵᠤ᠂ 44.8% ᠶᠢᠨ  ᠬᠥᠮᠤᠰ  ᠦᠷᠯᠤᠭᠡ  ᠤᠷᠤᠢ   ᠳᠠᠭᠠᠨ  ᠰᠢᠳᠤ   ᠪᠠᠨ ᠱᠤᠸᠠᠰᠠᠳᠠᠵᠤ᠂ 14.7% ᠶᠢᠨ ᠬᠥᠮᠤᠰ ᠡᠳᠤᠷ ᠪᠦᠷᠢ ᠰᠢᠳᠤ ᠪᠠᠨ ᠨᠢᠭᠡ ᠤᠳᠠᠭ᠎ᠠ ᠴᠦ ᠱᠤᠸᠠᠰᠠᠳᠠᠬᠤ ᠦᠭᠡᠢ  ᠪᠠᠶᠢᠳᠠᠭ︔ ᠡᠬᠦᠨ ᠠᠴᠠ ᠭᠠᠳᠠᠨ᠎ᠠ 25.9% ᠶᠢᠨ ᠬᠥᠮᠤᠰ ᠵᠢᠯ ᠪᠦᠷᠢ ᠰᠢᠳᠤ ᠪᠠᠨ ᠤᠬᠢᠶᠠᠬᠤ ᠲᠠᠳᠬᠠᠯ ᠲᠠᠢ ᠪᠠᠶᠢᠳᠠᠭ᠃  9.5  ᠵᠢᠯ ᠤᠨ ᠰᠤᠳᠤᠯᠭᠠᠨ  ᠤ ᠲᠠᠭᠠᠨ ᠰᠤᠷᠪᠤᠯᠵᠢᠯᠠᠬᠤ ᠬᠤᠭᠤᠴᠠᠭᠠᠨ ᠳᠤ᠂ ᠵᠢᠷᠤᠭᠡᠨ ᠴᠢᠨᠠᠷᠳᠠᠢ ᠭᠡᠨᠡᠳᠳᠡ ᠶᠢᠨ ᠦᠬᠦᠯ᠂ ᠵᠢᠷᠤᠭᠡᠨ   ᠤ ᠪᠤᠯᠴᠢᠩ ᠪᠢᠳᠡᠬᠦᠷᠡᠨ ᠦᠬᠦᠵᠢᠬᠦ᠂ ᠰᠠ ᠲᠠᠭᠠᠷᠢᠬᠤ ᠪᠠ ᠵᠢᠷᠤᠭᠡᠨ  ᠬᠥᠴᠤ  ᠰᠤᠯᠠᠷᠠᠬᠤ  ᠵᠡᠷᠭᠡ   ᠶᠢ  ᠪᠠᠭᠳᠠᠭᠠᠭᠰᠠᠨ  ᠵᠢᠷᠤᠭᠡ ᠴᠢᠰᠤᠨ ᠰᠤᠳᠡᠯ ᠤᠨ ᠬᠡᠷᠡᠭ ᠨᠡᠶᠢᠳᠡ 1.5 ᠲᠦᠮᠡ ᠡᠬᠦᠰᠦᠭᠰᠡᠨ ᠪᠠᠶᠢᠨ᠎ᠠ᠃      ᠰᠤᠳᠤᠯᠭᠠᠨ ᠤ ᠳ᠋ᠦᠩ ᠳᠤ ᠢᠯᠡᠷᠡᠬᠦᠯᠦᠭᠰᠡᠨ ᠢᠶᠠᠷ᠂ ᠰᠢᠳᠤᠨ ᠲᠤᠭᠤᠷᠢᠨ ᠤ ᠡᠪᠡᠳᠴᠢᠨ ᠲᠠᠢ᠂ ᠬᠤᠷᠤᠬᠠᠶᠢᠳᠤᠭᠰᠠᠨ ᠰᠢᠳᠤ ᠤᠯᠠᠨ ᠪᠤᠶᠤ ᠰᠢᠳᠤ ᠤᠯᠠᠨ ᠤᠨᠠᠬᠤ  ᠬᠥᠮᠤᠨ   ᠤ  ᠵᠢᠷᠤᠭᠡ  ᠴᠢᠰᠤᠨ  ᠰᠤᠳᠠᠯ   ᠨᠢ  ᠨᠡᠩ  ᠠᠮᠠᠷᠬᠠᠨ  ᠠᠰᠠᠭᠤᠳᠠᠯ ᠭᠠᠷᠤᠨ᠎ᠠ᠃ ᠰᠢᠳᠤ ᠪᠠᠨ ᠡᠳᠤᠷ ᠪᠦᠷᠢ ᠭᠤᠷᠪᠠ ᠤᠳᠠᠭ᠎ᠠ ᠱᠤᠸᠠᠰᠠᠳᠠᠪᠠᠯ᠂ ᠵᠢᠷᠤᠭᠡ ᠴᠢᠰᠤᠨ ᠰᠤᠳᠡᠯ ᠤᠨ ᠠᠰᠠᠭᠤᠳᠠᠯ ᠭᠠᠷᠬᠤ ᠲᠦᠭᠰᠢᠬᠦᠷᠢ ᠶᠢ 9% ᠪᠠᠷ ᠪᠠᠭᠤᠷᠠᠭᠤᠯᠵᠤ  ᠪᠤᠯᠤᠨ᠎ᠠ︔  ᠰᠢᠳᠤ   ᠪᠠᠨ  ᠵᠢᠯ  ᠪᠦᠷᠢ  ᠨᠢᠭᠡ  ᠤᠳᠠᠭ᠎ᠠ  ᠤᠬᠢᠶᠠᠪᠠᠯ  ᠲᠤᠰ ᠲᠦᠭᠰᠢᠬᠦᠷᠢ ᠶᠢ 14% ᠪᠠᠷ ᠪᠠᠭᠤᠷᠠᠭᠤᠯᠵᠤ ᠪᠤᠯᠤᠨ᠎ᠠ᠃ ᠲᠤᠰᠬᠠᠢ ᠮᠡᠷᠭᠡᠵᠢᠯᠳᠡᠨ ᠵᠢᠭᠠᠵᠤ ᠭᠠᠷᠭᠠᠭᠰᠠᠨ   ᠨᠢ᠂  ᠰᠢᠳᠤ   ᠪᠠᠨ ᠤᠯᠠᠨ ᠱᠤᠸᠠᠰᠠᠳᠠᠬᠤ᠂ ᠰᠢᠳᠤ ᠪᠠᠨ ᠦᠷᠬᠦᠯᠵᠢ ᠤᠬᠢᠶᠠᠬᠤ ᠪᠠᠷ ᠲᠡᠮᠵᠢᠭᠤᠯᠤᠨ ᠠᠮᠠᠨ ᠬᠥᠨᠳᠡᠢ ᠶᠢᠨ  ᠡᠷᠡᠬᠦᠯ  ᠬᠠᠮᠠᠭᠠᠯᠠᠯ   ᠢ ᠰᠠᠶᠢᠵᠢᠷᠠᠭᠤᠯᠪᠠᠯ ᠠᠮᠠᠨ ᠬᠥᠨᠳᠡᠢ  ᠶᠢᠨ ᠤᠯᠠᠨ ᠠᠰᠠᠭᠤᠳᠠᠯ ᠢ ᠪᠠᠭᠠᠰᠬᠠᠵᠤ ᠪᠤᠯᠬᠤ ᠮᠦᠷᠳᠡᠭᠡᠨ ᠪᠠᠰᠠ ᠵᠢᠷᠤᠭᠡ ᠴᠢᠰᠤᠨ ᠰᠤᠳᠠᠯ ᠢ ᠬᠠᠮᠠᠭᠠᠯᠠᠬᠤ ᠦᠢᠯᠡᠳᠤᠯ ᠭᠠᠷᠭᠠᠵᠤ ᠴᠢᠳᠠᠨ᠎ᠠ᠃    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号