ᠤᠨᠳᠠᠬᠤ ᠠᠴᠠ ᠪᠠᠨ ᠡᠮᠦᠨ᠎ᠡ ᠴᠤᠩᠬᠤᠨ ᠪᠦᠳᠡᠭᠡᠯᠭᠡ ᠪᠠᠨ ᠵᠢᠭᠠᠬᠠᠨ ᠵᠠᠪᠰᠠᠷᠯᠠᠭᠠᠷᠠᠢ | ᠦᠷᠯᠦᠭᠡ ᠪᠤᠰᠤᠮᠠᠭᠴᠠ ᠨᠠᠷᠠᠨ ᠤ ᠭᠡᠷᠡᠯ ᠬᠦᠷᠲᠡᠬᠦ ᠨᠢ ᠠᠮᠢᠳᠤ ᠪᠤᠳᠠᠰ ᠤᠨ ᠴᠠᠭ ᠢ ᠲᠤᠬᠢᠷᠠᠭᠤᠯᠬᠤ ᠳᠤ | ᠠᠰᠢᠭᠲᠠᠢ ᠪᠦᠭᠡᠳ ᠨᠤᠶᠢᠷ ᠢ ᠰᠠᠶᠢᠵᠢᠷᠠᠭᠤᠯᠳᠠᠭ᠃ ᠬᠡᠪᠡᠴᠦ ᠦᠷᠯᠦᠭᠡ ᠪᠦᠷᠢ ᠭᠠᠳᠠᠨ᠎ᠠ ᠭᠠᠷᠤᠨ᠎ᠠ ᠭᠡᠭᠴᠢ ᠬᠦᠮᠦᠨ | ᠪᠤᠯᠭᠠᠨ ᠤ ᠪᠡᠶᠡᠯᠡᠬᠦᠯᠵᠤ ᠲᠡᠶᠢᠯᠬᠦ ᠵᠦᠢᠯ ᠪᠢᠰᠢ᠃ ᠲᠠᠶᠢᠸᠠᠨ ᠤ ︽ᠡᠷᠡᠬᠦᠯ ᠡᠩᠭᠡ︾ ᠰᠡᠳᠬᠦᠯ ᠳᠤ ᠰᠠᠨᠠᠭᠤᠯᠤᠭᠰᠠᠨ | ᠢᠶᠠᠷ᠂ ᠤᠨᠳᠠᠬᠤ ᠠᠴᠠ ᠪᠠᠨ ᠡᠮᠦᠨ᠎ᠡ ᠴᠤᠩᠬᠤᠨ ᠪᠦᠲᠡᠭᠡᠯᠭᠡ ᠪᠠᠨ 10 ᠰᠡᠨᠲ᠋ᠢᠮᠧᠲᠷ ᠵᠠᠪᠰᠠᠷᠯᠠᠵᠤ ᠪᠠᠶᠢᠪᠠᠯ ᠰᠠᠶᠢᠨ᠃ | | ᠤᠯᠠᠩᠬᠢ ᠬᠦᠮᠦᠰ ᠭᠡᠷᠡᠯ ᠬᠠᠯᠬᠠᠠᠯᠠᠬᠤ ᠴᠤᠩᠬᠤᠨ ᠪᠦᠲᠡᠭᠡᠯᠭᠡ ᠬᠡᠷᠡᠭᠯᠡᠵᠤ᠂ ᠦᠷᠦᠭᠡ ᠪᠠᠨ ᠬᠠᠷᠠᠩᠭᠤᠢ ᠰᠢᠭ᠋ | ᠪᠠᠶᠢᠯᠭᠠᠬᠤ ᠨᠢ ᠤᠨᠲᠠᠬᠤ ᠳᠤ ᠰᠠᠶᠢᠨ ᠭᠡᠵᠤ ᠪᠤᠳᠤᠳᠠᠭ᠃ ᠦᠨᠡᠨ ᠪᠠᠶᠢᠳᠠᠯ ᠡᠬᠦᠨ ᠲᠠᠢ ᠶᠠᠭ ᠡᠰᠡᠷᠬᠦ ᠶᠤᠮ᠃ | ᠦᠷᠯᠦᠭᠡ ᠪᠤᠰᠤᠭᠰᠠᠨ ᠤ ᠪᠠᠨ ᠲᠠᠷᠠᠭ᠎ᠠ ᠨᠠᠷᠠᠨ ᠤ ᠭᠡᠷᠡᠯ ᠡᠯᠪᠡᠭ ᠬᠦᠷᠲᠡᠮᠡᠨᠵᠢᠨ ᠤᠷᠤᠢ ᠳᠠᠭᠠᠨ ᠰᠠᠶ᠋ᠢ ᠨᠤᠶᠢᠷ | ᠰᠠᠶᠢᠨ ᠪᠤᠯᠳᠠᠭ᠃ ᠭᠡᠷᠡᠯ ᠬᠠᠯᠬᠠᠯᠠᠬᠤ ᠴᠤᠩᠬᠤᠨ ᠪᠦᠳᠡᠭᠡᠯᠭᠡ ᠨᠢ ᠡᠷᠲᠡ ᠶᠢᠨ ᠨᠠᠷᠠᠨ ᠤ ᠭᠡᠷᠡᠯ ᠢ ᠬᠠᠯᠬᠠᠯᠠᠳᠠᠭ | ᠪᠤᠯᠬᠤᠷ ᠬᠦᠮᠦᠨ ᠤ ᠪᠡᠶ᠎ᠡ ᠨᠠᠷᠠᠨ ᠤ ᠲᠤᠰᠤᠯᠲᠠ ᠶᠢ ᠤᠯᠵᠤ ᠬᠦᠷᠲᠡᠬᠦ ᠦᠭᠡᠢ ᠠᠴᠠ ᠪᠤᠯᠵᠤ ᠲᠤᠭᠲᠠᠭᠰᠠᠨ ᠴᠠᠭ | ᠲᠠᠭᠠᠨ ᠰᠡᠷᠢᠬᠦ ᠳᠤ ᠪᠡᠷᠭᠡ ᠪᠤᠯᠳᠠᠭ᠃ | ᠴᠤᠩᠬᠤᠨ ᠪᠦᠳᠡᠭᠡᠯᠭᠡ ᠰᠤᠩᠭᠤᠬᠤ ᠳᠠᠭᠠᠨ ᠰᠡᠶᠢᠮᠡᠭᠡᠢ ᠪᠤᠶᠤ ᠡᠩ ᠤᠨ ᠪᠦᠰ ᠪᠦᠲᠡᠭᠡᠯᠭᠡ ᠶᠢ ᠰᠤᠩᠭᠤᠪᠠᠯ | ᠰᠠᠶᠢᠨ᠂ ᠭᠡᠷᠡᠯ ᠬᠠᠯᠬᠠᠯᠠᠬᠤ ᠵᠤᠵᠠᠭᠠᠨ ᠪᠦᠳᠡᠭᠡᠯᠭᠡ ᠶᠢ ᠪᠤᠯᠬᠤ ᠶᠢᠨ ᠲᠤᠳᠤᠷ᠎ᠠ ᠪᠢᠳᠡᠭᠡᠢ ᠬᠡᠷᠡᠭᠯᠡᠭᠡᠷᠡᠢ᠃ ᠬᠡᠷᠪᠡ | ᠨᠢᠭᠡᠨᠲᠡ ᠭᠡᠷᠡᠯ ᠬᠠᠯᠬᠠᠯᠠᠬᠤ ᠴᠤᠩᠬᠤᠨ ᠪᠦᠳᠡᠭᠡᠯᠭᠡ ᠠᠪᠤᠭᠰᠠᠨ ᠪᠤᠯ ᠤᠨᠳᠠᠬᠤ ᠠᠴᠠ ᠪᠠᠨ ᠡᠮᠦᠨ᠎ᠡ ᠠᠳᠠᠭ ᠲᠠᠭᠠᠨ | 10 ᠰᠡᠨᠲ᠋ᠢᠮᠧᠲᠷ ᠵᠠᠪᠰᠠᠷᠯᠠᠵᠤ᠂ ᠡᠷᠲᠡ ᠶᠢᠨ ᠨᠠᠷᠠᠨ ᠤ ᠭᠡᠷᠡᠯ ᠲᠤᠰᠬᠤ ᠶᠢ ᠪᠠᠲᠤᠯᠠᠭᠠᠷᠠᠢ︕ | |