ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ ᠪᠤᠯ ᠵᠠᠰᠠᠬᠤ ᠳᠤ ᠪᠡᠷᠭᠡᠳᠡᠢ ᠨᠢᠭᠡ ᠵᠦᠢᠯ ᠤᠨ | ᠠᠭᠤᠰᠬᠢᠨ ᠡᠪᠡᠳᠴᠢᠨ ᠮᠦᠨ᠂ ᠤᠯᠠᠩᠬᠢ ᠳᠠᠭᠠᠨ ᠤᠳᠠᠭᠠᠨ ᠴᠢᠨᠠᠷᠳᠠᠢ ᠰᠠᠯᠪᠤᠷᠢ ᠮᠦᠭᠡᠷᠰᠤᠨ ᠬᠤᠭᠤᠯᠠᠢ ᠶᠢᠨ | ᠦᠷᠪᠢᠰᠤᠯ᠂ ᠠᠭᠤᠰᠬᠢᠨ ᠤ ᠬᠡᠢ ᠬᠠᠪᠤᠩ ᠵᠡᠷᠭᠡ ᠠᠮᠢᠰᠬᠤᠯ ᠤᠨ ᠰᠢᠰᠲ᠋ᠧᠮ ᠤᠨ ᠡᠪᠡᠳᠴᠢᠨ ᠲᠠᠬᠤᠯ ᠠᠴᠠ | ᠡᠬᠦᠰᠳᠡᠭ᠃ ᠲᠦᠷᠤᠬᠦᠭᠡᠨ᠂ ᠫᠤᠯᠠᠨᠳ᠋ ᠤᠨ ᠸᠠᠷᠱᠠᠸᠠ ᠶᠢᠨ ᠠᠮᠢ ᠨᠠᠰᠤᠨ ᠤ ᠰᠢᠨᠵᠢᠯᠡᠬᠦ ᠤᠬᠠᠭᠠᠨ ᠤ ᠶᠡᠭᠡ | ᠰᠤᠷᠭᠠᠭᠤᠯᠢ ᠶᠢᠨ ᠨᠢᠭᠡᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠠᠯᠮᠤᠷᠠᠳ᠂ ᠠᠯᠢᠮ᠎ᠠ ᠪᠤᠯᠤᠨ ᠨᠠᠪᠴᠢᠨ | ᠨᠤᠭᠤᠭ᠎ᠠ ᠢᠯᠡᠬᠦᠤ ᠢᠳᠡᠪᠡᠯ ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ ᠤᠯᠬᠤ ᠲᠦᠭᠰᠢᠬᠦᠷᠢ ᠶᠢ | ᠪᠠᠭᠤᠷᠠᠭᠤᠯᠵᠤ ᠪᠤᠯᠤᠨ᠎ᠠ᠃ | ᠰᠤᠳᠤᠯᠭᠠᠨ ᠤ ᠬᠥᠮᠤᠰ 4.4 ᠲᠦᠮᠡᠨ 45 ~79 ᠨᠠᠰᠤᠨ ᠤ ᠰᠸᠧᠳᠧᠨ ᠤ ᠡᠷᠡᠭᠳᠠᠶᠢᠴᠤᠳ ᠢᠶᠠᠷ | ᠰᠤᠳᠤᠯᠬᠤ ᠡᠳᠡᠭᠡᠳ ᠪᠤᠯᠭᠠᠵᠤ᠂ 13 ᠵᠢᠯ ᠤᠨ ᠬᠤᠭᠤᠴᠠᠭ᠎ᠠ ᠲᠠᠢ ᠮᠦᠷᠳᠡᠨ ᠪᠠᠶᠢᠴᠠᠭᠠᠯᠳᠠ ᠬᠢᠵᠠᠢ᠃ ᠠᠮᠢᠳᠤᠷᠠᠯ | ᠤᠨ ᠢᠳᠡᠭᠡᠨ ᠤᠮᠳᠠᠭᠠᠨ ᠤ ᠲᠠᠳᠬᠠᠯ ᠪᠤᠯᠤᠨ ᠲᠡᠮᠡᠭᠢ ᠲᠠᠳᠠᠬᠤ ᠲᠤᠬᠠᠢ ᠯᠠᠪᠯᠠᠨ ᠠᠰᠠᠭᠤᠭᠰᠠᠨ ᠢᠶᠠᠷ ᠤᠯᠵᠤ | ᠮᠡᠳᠡᠭᠰᠡᠨ ᠨᠢ᠂ ᠪᠠᠷᠤᠭ 2/3 ᠤᠨ ᠰᠤᠷᠪᠤᠯᠵᠢᠯᠠᠭ᠎ᠠ ᠬᠥᠯᠢᠶᠡᠭᠰᠡᠳ ᠲᠡᠮᠡᠬᠢ ᠲᠠᠳᠠᠭᠰᠠᠨ ᠦᠩᠭᠡᠷᠡᠯᠳᠡ ᠲᠠᠢ | ᠪᠦᠭᠡᠳ 1/4 ᠨᠢ ᠲᠡᠮᠡᠭᠢ ᠲᠠᠳᠠᠭᠴᠢ ᠪᠤᠯᠤᠨ᠎ᠠ᠃ ᠪᠠᠶᠢᠴᠠᠭᠠᠯᠳᠠ ᠬᠢᠬᠦ ᠬᠤᠭᠤᠴᠠᠭᠠᠨ ᠳᠤ᠂ ᠪᠠᠷᠤᠭ 1900 | ᠬᠥᠮᠤᠨ ᠨᠢ ᠰᠠᠶ᠋ᠢᠬᠠᠨ ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ ᠤᠯᠤᠭᠰᠠᠨ ᠬᠡᠳᠡᠭ ᠳ᠋ᠦᠩ ᠢ | ᠤᠯᠵᠠᠢ᠃ ᠵᠠᠳᠠᠯᠤᠯᠳᠡ ᠶᠢᠨ ᠦᠷ᠎ᠡ ᠳ᠋ᠦᠩ ᠳᠤ ᠢᠯᠡᠷᠡᠬᠦᠯᠦᠭᠰᠡᠨ ᠢᠶᠠᠷ᠂ ᠲᠡᠮᠡᠬᠢ ᠲᠠᠳᠠᠬᠤ ᠡᠰᠡᠬᠦ ᠬᠡᠰᠡᠨ ᠦᠭᠡᠢ᠂ | ᠡᠳᠤᠷ ᠪᠦᠷᠢ 5 ᠫᠢᠯᠡ ᠵᠢᠮᠢᠰ ᠨᠤᠭᠤᠭ᠎ᠠ ᠢᠳᠡᠬᠦ ᠬᠥᠮᠤᠨ ᠢ 2 ᠫᠢᠯᠡ ᠵᠢᠮᠢᠰ ᠨᠤᠭᠤᠭ᠎ᠠ ᠢᠳᠡᠬᠦ ᠦᠭᠡᠢ ᠬᠥᠮᠤᠨ | ᠲᠠᠢ ᠬᠠᠷᠢᠴᠠᠭᠤᠯᠪᠠᠯ᠂ ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ ᠤᠯᠬᠤ ᠨᠤᠷᠮ᠎ᠠ ᠨᠢ 35% ᠪᠠᠷ | ᠪᠠᠭᠤᠷᠠᠨ᠎ᠠ᠃ ᠵᠢᠮᠢᠰ ᠨᠤᠭᠤᠭ᠎ᠠ ᠢᠳᠡᠬᠦ ᠬᠡᠮᠵᠢᠶ᠎ᠠ ᠨᠢ 1 ᠫᠢᠯᠡ ᠨᠡᠮᠡᠭᠳᠡᠬᠦ ᠪᠦᠷᠢ᠂ ᠲᠡᠮᠡᠬᠢ ᠲᠠᠳᠠᠬᠴᠢᠳ ᠤᠨ | ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ ᠤᠯᠬᠤ ᠲᠦᠭᠰᠢᠬᠦᠷᠢ ᠨᠢ 8% ᠪᠠᠷ ᠪᠠᠭᠤᠷᠠᠨ᠎ᠠ᠃ | ᠰᠤᠳᠤᠯᠭᠠᠨ ᠤ ᠬᠥᠮᠤᠰ ᠢᠯᠡᠷᠭᠡᠶᠢᠯᠡᠬᠦ ᠳᠡᠭᠡᠨ᠂ ᠢᠳᠡᠭᠡᠨ ᠤᠮᠳᠠᠭᠠᠨ ᠤ ᠲᠠᠳᠬᠠᠯ ᠨᠢ ᠠᠭᠤᠰᠬᠢᠨ ᠤ ᠡᠷᠡᠬᠦᠯ | ᠮᠠᠨᠳᠤ ᠳᠤ ᠬᠥᠨ ᠬᠥᠨᠵᠡᠭᠡᠢ ᠨᠦᠯᠤᠭᠡ ᠦᠵᠡᠬᠦᠯᠵᠤ ᠪᠠᠶᠢᠳᠠᠭ᠂ ᠲᠡᠮᠡᠬᠢ ᠪᠠᠨ ᠵᠤᠬᠰᠤᠬᠤ ᠳᠤ ᠬᠥᠴᠢᠷ ᠲᠠᠢ | ᠬᠥᠮᠤᠨ ᠵᠢᠮᠢᠰ ᠪᠠ ᠢᠳᠡᠰᠢᠨ ᠨᠤᠭᠤᠭ᠎ᠠ ᠢᠯᠡᠬᠦᠤ ᠢᠳᠡᠪᠡᠯ ᠵᠤᠬᠢᠨ᠎ᠠ᠃ ᠠᠯᠮᠤᠷᠠᠳ ᠲᠤ ᠠᠭᠤᠯᠤᠭᠳᠠᠵᠤ ᠪᠠᠶᠢᠭ᠎ᠠ | ᠢᠰᠤᠯᠳᠤᠬᠦ ᠶᠢ ᠲᠠᠭᠠᠭᠠᠬᠤ ᠪᠤᠳᠡᠰ ᠨᠢ ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ ᠢ ᠰᠡᠷᠭᠡᠶᠢᠯᠡᠬᠦ | ᠳᠤ ᠮᠡᠳᠡᠭᠳᠡᠬᠦᠶᠢᠴᠠ ᠦᠢᠯᠡᠳᠤᠯ ᠲᠠᠢ ᠪᠤᠯᠬᠤᠷ᠂ ᠲᠦᠭᠵᠢᠷᠡᠬᠦ ᠴᠢᠨᠠᠷᠳᠠᠢ ᠠᠭᠤᠰᠬᠢᠨ ᠤ ᠠᠷᠬᠠᠭ ᠡᠪᠡᠳᠴᠢᠨ | ᠠᠮᠠᠷᠬᠠᠨ ᠤᠯᠳᠠᠭ ᠬᠥᠮᠤᠰ ᠡᠳᠤᠷ ᠪᠦᠷᠢ ᠨᠢᠭᠡ ᠠᠯᠮᠤᠷᠠᠳ ᠢᠳᠡᠪᠡᠯ ᠵᠤᠬᠢᠨ᠎ᠠ ᠭᠡᠵᠠᠢ᠃ | |