ᠬᠠᠯᠠᠭᠤᠨ ᠤᠰᠤ ᠤᠤᠭᠤᠬᠤ ᠶᠢᠨ ᠰᠠᠶᠢᠨᠳᠠᠢ ᠲᠠᠯ᠎ᠠ
ᠨᠡᠶᠢᠲᠡᠯᠡᠭᠰᠡᠨ ᠴᠠᠭ᠄
2018-12-07
     ᠲᠤᠮᠳᠠᠳᠤ ᠤᠯᠤᠰ ᠢ ᠪᠠᠭᠳᠠᠭᠠᠭᠰᠠᠨ ᠲᠡᠯᠡᠭᠡᠢ ᠶᠢᠨ ᠮᠠᠰᠢ ᠤᠯᠠᠨ  ᠭᠠᠵᠠᠷ   ᠤᠨ   ᠬᠢᠨ  ᠴᠦᠮ  ᠬᠠᠯᠠᠭᠤᠨ  ᠤᠰᠤ ᠤᠤᠭᠤᠬᠤ ᠶᠢ ᠡᠷᠡᠬᠦᠯ ᠮᠡᠨᠳᠤ ᠳᠤ  ᠠᠰᠢᠬᠳᠠᠢ  ᠰᠠᠶᠢᠨ  ᠲᠠᠳᠬᠠᠯ  ᠭᠡᠵᠤ  ᠦᠵᠡᠳᠡᠭ᠃  ᠦᠢᠷ᠎ᠠ   ᠳᠤ᠂  ᠠᠮᠧᠷᠢᠺᠠ   ᠶᠢᠨ 《ᠤᠩᠰᠢᠬᠴᠢᠳ ᠤᠨ ᠵᠤᠬᠢᠶᠠᠯ ᠤᠨ ᠱᠦᠬᠦᠮᠡᠭ》 ᠰᠡᠳᠬᠦᠯ ᠬᠠᠯᠠᠭᠤᠨ ᠤᠰᠤ ᠤᠤᠭᠤᠬᠤ ᠶᠢᠨ ᠡᠳᠤᠢ ᠲᠡᠳᠤᠢ  ᠰᠠᠶᠢᠨᠳᠠᠢ ᠲᠠᠯ᠎ᠠ ᠶᠢ ᠳ᠋ᠦᠩᠨᠡᠨ ᠭᠠᠷᠭᠠᠵᠠᠢ᠃     1. ᠪᠡᠶ᠎ᠡ ᠶᠢᠨ ᠬᠥᠨᠳᠤ ᠶᠢ ᠪᠠᠭᠤᠷᠠᠭᠤᠯᠬᠤ ᠳᠤ ᠠᠰᠢᠬᠳᠠᠢ᠃ ᠦᠷᠯᠤᠭᠡ ᠡᠷᠳᠡ  ᠨᠢᠭᠡ  ᠴᠤᠮᠤ  ᠬᠠᠯᠠᠭᠤᠨ  ᠤᠰᠤ ᠤᠤᠭᠤᠪᠠᠯ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ ᠴᠢᠳᠠᠬᠤ ᠶᠢᠨ ᠤᠯᠠᠮ ᠠᠴᠠ  ᠪᠡᠶ᠎ᠡ  ᠮᠠᠬᠠᠪᠤᠳ   ᠨᠢ  ᠡᠳᠤᠷ ᠲᠤᠮᠳᠠ ᠨᠡᠩ ᠤᠯᠠᠨ ᠢᠯᠴᠢ ᠶᠢᠨ ᠬᠡᠮᠵᠢᠶ᠎ᠠ ᠶᠢ ᠬᠤᠷᠤᠬᠳᠠᠭᠤᠯᠵᠤ ᠴᠢᠳᠠᠨ᠎ᠠ᠃ ᠬᠠᠯᠠᠭᠤᠨ ᠤᠰᠤ ᠤᠤᠭᠤᠬᠤ ᠨᠢ ᠪᠠᠰᠠ  ᠪᠡᠶ᠎ᠡ ᠳᠠᠬᠢ ᠢᠯᠡᠬᠦᠴᠠ ᠤᠰᠤ ᠶᠢ ᠢᠯᠭᠠᠷᠠᠭᠤᠯᠵᠤ᠂ ᠤᠰᠤᠨ ᠬᠠᠪᠤᠩ ᠠᠴᠠ ᠰᠡᠷᠭᠡᠶᠢᠯᠡᠵᠤ ᠴᠢᠳᠠᠨ᠎ᠠ᠃     2. ᠬᠠᠮᠠᠷ ᠪᠦᠭᠯᠡᠷᠡᠬᠦ ᠠᠴᠠ ᠰᠡᠷᠭᠡᠶᠢᠯᠡᠵᠤ ᠴᠢᠳᠠᠨ᠎ᠠ᠃ ᠬᠠᠯᠠᠭᠤᠨ ᠤᠰᠤ ᠤᠤᠭᠤᠪᠠᠯ ᠵᠠᠷᠢᠮ  ᠠᠮᠢᠰᠬᠤᠯ   ᠤᠨ  ᠵᠠᠮ ᠤᠨ ᠬᠠᠯᠳᠠᠪᠤᠷᠢᠯᠠᠯ ᠤᠨ ᠡᠪᠡᠳᠴᠢᠨ ᠤ ᠢᠯᠡᠷᠡᠯ ᠢ ᠨᠠᠮᠳᠠᠭᠠᠵᠤ ᠴᠢᠳᠠᠨ᠎ᠠ᠃ ᠬᠠᠯᠠᠭᠤᠨ ᠤᠰᠤ  ᠤᠤᠭᠤᠪᠠᠯ  ᠬᠠᠮᠠᠷ  ᠪᠦᠭᠯᠡᠷᠡᠬᠦ ᠠᠴᠠ ᠰᠡᠷᠭᠡᠶᠢᠯᠡᠵᠤ ᠴᠢᠳᠠᠨ᠎ᠠ ᠭᠡᠳᠡᠭ ᠢ ᠡᠮᠴᠢᠯᠡᠭᠡᠨ ᠤ ᠲᠤᠷᠰᠢᠯᠳᠠ ᠳᠤ ᠬᠠᠷᠠᠭᠤᠯᠵᠠᠢ᠂ ᠤᠴᠢᠷ   ᠨᠢ  ᠬᠠᠯᠠᠭᠤᠨ  ᠤᠰᠤᠨ   ᠤ ᠬᠠᠯᠠᠭᠤᠨ ᠨᠢ ᠵᠠᠯᠬᠠᠭ ᠢ ᠲᠦᠷᠭᠡᠨ ᠢᠶᠠᠷ ᠵᠠᠳᠠᠷᠠᠭᠤᠯᠵᠤ ᠴᠢᠳᠠᠨ᠎ᠠ᠃     3. ᠰᠢᠳᠤ ᠶᠢ ᠡᠷᠡᠬᠦᠯᠵᠢᠬᠦᠯᠵᠤ ᠴᠢᠳᠠᠨ᠎ᠠ᠃  ᠬᠠᠯᠠᠭᠤᠨ  ᠤᠰᠤᠨ   ᠤ  ᠰᠢᠳᠤ   ᠶᠢ  ᠡᠷᠡᠬᠦᠯᠵᠢᠬᠦᠯᠬᠦ  ᠪᠠ  ᠵᠠᠰᠠᠨ ᠰᠡᠷᠬᠦᠭᠡᠬᠦ ᠦᠢᠯᠡᠳᠤᠯ ᠨᠢ ᠨᠡᠩ ᠰᠠᠶᠢᠨ ᠪᠠᠶᠢᠳᠠᠭ᠃ ᠰᠢᠳᠤ ᠰᠢᠭᠠᠬᠤ ᠳᠤ ᠬᠡᠷᠡᠭᠯᠡᠬᠦ ᠵᠠᠷᠢᠮ ᠲᠦᠬᠦᠷᠭᠡᠭᠴᠢ ᠪᠤᠳᠡᠰ ᠨᠢ ᠬᠥᠢᠳᠡᠨ ᠤᠰᠤᠨ ᠤ ᠰᠡᠳᠡᠯᠳᠡ ᠲᠤᠤᠷ᠎ᠠ ᠠᠪᠴᠢᠬᠤ ᠶᠢᠨ ᠤᠯᠠᠮ ᠠᠴᠠ ᠰᠢᠳᠤᠨ ᠤ ᠵᠠᠪᠰᠡᠷ ᠠᠴᠠ ᠮᠤᠯᠳᠤᠷᠠᠨ ᠤᠨᠠᠳᠠᠭ᠃     4. ᠰᠢᠩᠭᠡᠭᠡᠯᠳᠡ ᠶᠢ ᠰᠠᠶᠢᠵᠢᠷᠠᠭᠤᠯᠵᠤ ᠴᠢᠳᠠᠨ᠎ᠠ᠃ ᠪᠦᠯᠢᠶᠡᠨ ᠤᠰᠤ ᠨᠢ ᠴᠢᠰᠤᠨ ᠰᠤᠳᠠᠯ ᠢ  ᠲᠡᠯᠡᠬᠦ  ᠦᠢᠯᠠᠳᠤᠯ ᠲᠠᠢ ᠪᠤᠯᠬᠤᠷ ᠴᠢᠰᠤᠨ ᠤ ᠭᠡᠳᠡᠰᠤ ᠤᠷᠤᠭᠤ ᠬᠥᠶᠤᠬᠦ   ᠳᠤ  ᠰᠡᠳᠡᠯᠳᠡ  ᠦᠭᠴᠤ᠂  ᠰᠢᠩᠭᠡᠭᠡᠯᠳᠡ   ᠶᠢ  ᠰᠠᠶᠢᠵᠢᠷᠠᠭᠤᠯᠳᠠᠭ᠃ ᠬᠠᠯᠠᠭᠤᠨ ᠤᠰᠤ ᠨᠢ ᠪᠠᠰᠠ ᠦᠭᠡᠬᠦ ᠶᠢᠨ ᠴᠠᠶᠢᠳᠠᠮᠵᠢᠬᠦ ᠶᠢ ᠲᠦᠷᠭᠡᠳᠭᠡᠬᠦ ᠦᠢᠯᠡᠳᠤᠯ ᠲᠠᠢ ᠪᠤᠯᠬᠤᠷ ᠲᠡᠳᠡᠭᠡᠷ ᠢ ᠨᠡᠩ ᠠᠮᠠᠷᠬᠠᠨ ᠢᠶᠠᠷ ᠰᠢᠩᠭᠡᠭᠡᠵᠤ ᠴᠢᠳᠠᠬᠤ ᠪᠤᠯᠭᠠᠨ᠎ᠠ᠃     5. ᠬᠥᠯᠤᠰᠤ ᠲᠤᠭᠤᠯᠬᠤ ᠳᠤ ᠰᠡᠳᠡᠯᠳᠡ ᠦᠭᠴᠤ ᠴᠢᠳᠠᠨ᠎ᠠ᠃ ᠬᠠᠯᠠᠭᠤᠨ ᠤᠰᠤ ᠤᠤᠭᠤᠪᠠᠯ ᠪᠡᠶ᠎ᠡ ᠶᠢᠨ ᠲᠤᠯᠠᠭᠠᠨ ᠢ ᠲᠡᠭᠡᠭᠰᠢᠯᠡᠬᠦᠯᠵᠤ᠂ ᠬᠥᠯᠤᠰᠤ ᠲᠤᠭᠤᠯᠬᠤ ᠳᠤ ᠰᠡᠳᠡᠯᠳᠡ ᠦᠭᠴᠤ ᠴᠢᠳᠠᠨ᠎ᠠ᠃ ᠨᠤᠭᠤᠭᠠᠨ  ᠴᠠᠢ  ᠤᠤᠭᠤᠪᠠᠯ  ᠪᠡᠶ᠎ᠡ   ᠶᠢᠨ ᠲᠤᠳᠤᠷᠡᠬᠢ ᠴᠢᠯᠤᠭᠡᠳᠤ ᠪᠦᠯᠦᠭ ᠤᠨ ᠢᠳᠡᠪᠬᠢ ᠴᠢᠨᠠᠷ ᠢ ᠪᠠᠭᠠᠰᠬᠠᠵᠤ᠂ ᠡᠰ ᠢ ᠭᠡᠮᠳᠤᠭᠡᠬᠦ  ᠠᠴᠠ ᠰᠡᠷᠭᠡᠶᠢᠯᠡᠵᠤ ᠪᠤᠯᠤᠨ᠎ᠠ᠃    6. ᠴᠢᠰᠤᠨ ᠤ ᠡᠷᠬᠢᠯᠳᠡ ᠶᠢ ᠰᠠᠶᠢᠵᠢᠷᠠᠭᠤᠯᠵᠤ ᠴᠢᠳᠠᠨ᠎ᠠ᠃ ᠬᠠᠯᠠᠭᠤᠨ ᠤᠰᠤᠨ   ᠳᠤ  ᠤᠷᠤᠪᠠᠯ  ᠡᠷᠬᠢᠯᠳᠡ   ᠶᠢᠨ ᠰᠢᠰᠲ᠋ᠧᠮ ᠤᠨ ᠴᠢᠰᠤ ᠶᠢ ᠪᠦᠬᠦ ᠪᠡᠶ᠎ᠡ ᠳᠤ ᠨᠡᠩ ᠪᠦᠳᠤᠮᠵᠢᠳᠠᠢ ᠲᠡᠮᠵᠢᠭᠤᠯᠬᠤ ᠳᠤ ᠬᠠᠪᠰᠤᠷᠤᠯᠭ᠎ᠠ ᠪᠤᠯᠬᠤ  ᠲᠠᠢ ᠠᠳᠠᠯᠢ   ᠪᠠᠷ᠂ ᠬᠠᠯᠠᠭᠤᠨ ᠤᠰᠤ ᠤᠤᠭᠤᠬᠤ ᠨᠢ ᠠᠳᠠᠯᠢᠬᠠᠨ ᠢᠶᠠᠷ ᠴᠢᠰᠤᠨ ᠤ ᠡᠷᠬᠢᠯᠳᠡ ᠶᠢ ᠰᠠᠶᠢᠵᠢᠷᠠᠭᠤᠯᠵᠤ ᠴᠢᠳᠠᠨ᠎ᠠ᠃ ᠡᠨᠡ ᠨᠢ  ᠴᠢᠰᠤᠨ ᠲᠠᠷᠤᠯᠳᠠ ᠶᠢ ᠨᠡᠩ ᠲᠤᠬᠳᠠᠪᠤᠷᠢᠳᠠᠢ ᠪᠠᠶᠢᠯᠭᠠᠵᠤ᠂ ᠵᠢᠷᠤᠭᠡ ᠴᠢᠰᠤᠨ ᠰᠤᠳᠠᠯ ᠤᠨ ᠡᠪᠡᠳᠴᠢᠨ ᠲᠠᠬᠤᠯ ᠤᠨ  ᠲᠦᠭᠰᠢᠬᠦᠷᠢ   ᠶᠢ ᠪᠠᠭᠤᠷᠠᠭᠤᠯᠵᠤ ᠪᠤᠯᠤᠨ᠎ᠠ ᠬᠡᠳᠡᠭ ᠢ ᠬᠠᠷᠠᠭᠤᠯᠵᠤ ᠪᠠᠶᠢᠨ᠎ᠠ᠃    7. ᠬᠤᠷᠭᠤᠰᠤᠯᠠᠬᠤ ᠶᠢ ᠨᠠᠮᠳᠠᠭᠠᠵᠤ ᠴᠢᠳᠠᠨ᠎ᠠ᠃ ᠬᠤᠷᠭᠤᠰᠤᠯᠠᠬᠤ ᠨᠢ ᠶᠡᠷᠤ ᠳᠡᠭᠡᠨ  ᠬᠡᠳᠡᠰᠤ  ᠬᠤᠳᠤᠭᠤᠳᠤ   ᠶᠢᠨ ᠠᠳᠤᠪᠠᠯᠵᠠᠬᠤ ᠬᠤᠷᠳᠤᠴᠠ ᠤᠳᠠᠭᠠᠰᠢᠷᠠᠬᠤ ᠪᠠ ᠪᠡᠶ᠎ᠡ ᠮᠠᠬᠠᠪᠤᠳ ᠤᠰᠤ ᠲᠤᠳᠠᠭᠳᠠᠬᠤ ᠠᠴᠠ  ᠪᠤᠯᠳᠠᠭ᠃  ᠦᠷᠯᠤᠭᠡ  ᠡᠷᠳᠡ ᠪᠤᠰᠤᠭᠰᠠᠨ   ᠤ  ᠲᠠᠷᠠᠭ᠎ᠠ᠂  ᠦᠯᠤᠨ   ᠢᠶᠠᠷ  ᠨᠢᠭᠡ  ᠴᠤᠮᠤ  ᠬᠠᠯᠠᠭᠤᠨ  ᠤᠰᠤ  ᠤᠤᠭᠤᠪᠠᠯ  ᠬᠡᠳᠡᠰᠤ  ᠠᠳᠤᠪᠠᠯᠵᠠᠬᠤ   ᠶᠢ ᠲᠦᠷᠭᠡᠳᠭᠡᠵᠤ᠂ ᠬᠤᠷᠭᠤᠰᠤᠯᠠᠬᠤ ᠶᠢ ᠬᠤᠷᠢᠬᠯᠠᠵᠤ ᠴᠢᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号