ᠡᠷᠲᠡ ᠦᠳᠡᠯᠬᠦ ᠠᠴᠠ ᠰᠡᠷᠭᠡᠶᠢᠯᠡᠬᠦ ᠬᠡᠲᠦᠨ ᠵᠦᠢᠯ ᠤᠨ ᠢᠲᠡᠭᠡᠨ
ᠨᠡᠶᠢᠲᠡᠯᠡᠭᠰᠡᠨ ᠴᠠᠭ᠄
2018-12-07
     ᠡᠩ ᠤᠨ ᠪᠠᠶᠢᠳᠠᠯ ᠳᠤ ᠬᠦᠮᠦᠰ ᠲᠦᠴᠢᠨ ᠲᠠᠪᠤᠨ ᠨᠠᠰᠤ ᠶᠢ ᠦᠩᠬᠡᠷᠡᠪᠡᠯ ᠦᠲᠡᠯᠬᠦ ᠵᠦᠭ ᠲᠡᠭᠡᠨ ᠬᠠᠨᠳᠦᠵᠦ᠂ ᠵᠢᠷᠠᠨ ᠲᠠᠪᠤᠨ ᠨᠠᠰᠤ ᠶᠢ ᠦᠩᠬᠡᠷᠡᠬᠡᠪᠡᠯ ᠦᠲᠡᠯᠦᠬᠡ ᠨᠠᠰᠤᠨ ᠤ ᠦᠶ᠎ᠡ ᠳᠡᠭᠡᠨ ᠤᠷᠤᠲᠠᠬ᠃      ᠬᠡᠷᠪᠡ ᠲᠦᠴᠢᠨ ᠲᠠᠪᠤᠨ ᠨᠠᠰᠤ ᠬᠦᠷᠬᠦ ᠠᠴᠠ ᠡᠮᠤᠨ᠎ᠡ ᠰᠠᠨᠴᠢᠬ ᠨᠢ ᠪᠤᠭᠤᠷᠤᠯᠳᠤᠬᠤ᠂ ᠬᠠᠷᠠᠭ᠎ᠠ ᠨᠢ ᠮᠠᠭᠤᠲᠠᠬᠤ᠂ ᠨᠢᠲᠦᠨ ᠤ ᠵᠤᠪᠬᠢᠨ ᠳᠤᠨᠢ ᠠᠲᠤᠷᠢᠶ᠎ᠠ ᠰᠠᠭᠤᠬᠤ᠂ ᠠᠵᠢᠯ ᠤᠨ ᠦᠷ᠎ᠡ ᠠᠰᠢᠬ ᠨᠢ ᠲᠤᠷᠤᠬᠰᠢᠯᠠᠬᠤ ᠵᠡᠷᠬᠡ ᠨᠠᠰᠦ ᠠᠬᠠᠰᠢᠷᠠᠬᠰᠠᠨ ᠪᠠᠶᠢᠳᠠᠯ ᠢᠯᠡᠷᠡᠪᠡᠯ ᠡᠷᠲᠡ ᠦᠲᠡᠯᠦᠭᠰᠡᠨ ᠳᠤ ᠲᠤᠭᠠᠴᠠᠬᠳᠠᠨ᠎ᠠ᠃  ᠶᠠᠮᠠᠷ  ᠴᠦ  ᠬᠦᠮᠦᠨ ᠡᠷᠲᠡ ᠦᠲᠡᠯᠭᠦ ᠲᠤᠷ᠎ᠡ ᠦᠬᠡᠢ ᠪᠠᠶᠢᠳᠠᠬ᠃ ᠤᠲᠤ ᠡᠷᠲᠡ ᠦᠳᠡᠯᠭᠦ ᠠᠴᠠ ᠰᠡᠷᠭᠡᠶᠢᠯᠡᠬᠦ A᠂ B ᠬᠤᠶᠠᠷ ᠪᠦᠯᠦᠭ ᠢᠲᠡᠭᠡᠨ ᠢ ᠲᠠᠨᠢᠯᠴᠠᠭᠤᠯᠤᠶ᠎ᠠ᠃       A ᠪᠦᠯᠦᠭ ᠢᠲᠡᠭᠡᠨ᠄      1. ᠴᠢᠨᠠᠷ ᠰᠠᠶᠢᠲᠠᠢ ᠪᠠᠯ ᠢ ᠡᠳᠦᠷ ᠪᠦᠷᠢ ᠡᠷᠲᠡ ᠤᠷᠤᠢ ᠳᠠᠭᠠᠨ ᠦᠯᠦᠨ ᠢᠶᠠᠷ 40 ~50 ᠮᠢᠯᠢᠯᠢᠲᠷ ᠤᠤᠭᠤᠪᠠᠯ ᠬᠦᠮᠦᠨ ᠤ ᠪᠡᠶ᠎ᠡ ᠳᠤ ᠬᠦᠴᠢᠯᠳᠦ᠋ᠷᠦᠭᠴᠢ ᠬᠠᠩᠭᠠᠬᠤ ᠶᠢᠨ ᠬᠠᠮᠲᠦ ᠴᠢᠰᠤᠨ ᠤ ᠡᠷᠭᠢᠯᠲᠡ ᠶᠢ  ᠲᠦᠷᠭᠡᠳᠭᠡᠭᠡᠳ ᠦᠳᠡᠯᠭᠦ ᠶᠢ ᠤᠲᠠᠭᠠᠰᠢᠷᠠᠭᠤᠯᠵᠦ ᠴᠤᠬ ᠰᠦᠯᠲᠡ ᠶᠢ ᠪᠠᠲᠠᠷᠠᠭᠤᠯᠵᠦ ᠴᠢᠳᠠᠨ᠎ᠠ᠃      2.  ᠮᠠᠭᠠᠵᠢ᠂ ᠰᠠᠮᠤᠷ ᠤᠨ ᠴᠦᠮ᠎ᠡ ᠶᠢ ᠢᠳᠡᠪᠡᠯ ᠦᠲᠡᠯᠭᠦ ᠶᠢ ᠤᠲᠠᠭᠠᠰᠢᠷᠠᠭᠤᠯᠵᠦ ᠴᠢᠲᠠᠨ᠎ᠠ᠃  ᠡᠬᠦᠨ ᠳᠤ ᠤᠷᠢᠳ ᠢᠶᠠᠷ ᠮᠠᠭᠠᠵᠢ ᠪᠠᠨ ᠬᠠᠭᠤᠷᠴᠦ ᠲᠠᠯᠠᠬᠳᠠᠨ᠎ᠠ᠃ ᠲᠠᠷᠠᠭ᠎ᠠ ᠨᠢ ᠰᠠᠮᠤᠷ ᠤᠨ ᠴᠦᠮ᠎ᠡ ᠶᠢᠨ ᠬᠠᠯᠢᠰᠦ ᠶᠢ ᠠᠪᠴᠦ  ᠲᠠᠯᠠᠬᠲᠠᠨ ᠱᠠᠭᠠᠵᠠᠩ ᠯᠤᠩᠬᠤᠨ ᠳᠤ ᠬᠢᠵᠦ ᠲᠠᠯᠪᠢᠭᠠᠳ ᠡᠳᠦᠷ ᠪᠦᠷᠢ 20~30 ᠭᠷᠠᠮ ᠢ ᠰᠢᠬᠢᠷ ᠲᠠᠢ ᠬᠤᠯᠢᠵᠦ ᠢᠲᠡᠨ᠎ᠡ᠃ ᠮᠠᠭᠠᠵᠢ ᠳᠤ ᠦᠲᠡᠯᠭᠦ ᠶᠢ ᠤᠲᠠᠭᠠᠰᠢᠷᠠᠭᠤᠯᠬᠤ ᠸᠢᠲ᠋ᠠᠮᠢᠨ A ᠡᠯᠪᠡᠭ ᠪᠠᠶᠢᠳᠠᠬ᠃ ᠡᠨᠡ ᠨᠢ ᠬᠦᠮᠦᠨ ᠤ ᠪᠡᠶ᠎ᠡ ᠶᠢᠨ ᠡᠰ ᠤᠨ ᠦᠲᠡᠯᠭᠦ ᠶᠢ ᠤᠲᠠᠭᠠᠰᠢᠷᠠᠭᠤᠯᠲᠠᠬ᠃ ᠰᠠᠮᠤᠷ ᠤᠨ ᠴᠦᠮ᠎ᠡ ᠨᠢ ᠬᠦᠮᠦᠨ ᠤ ᠪᠠᠶ᠎ᠠ ᠶᠢᠨ ᠲᠤᠲᠤᠭᠠᠲᠦ ᠱᠦᠬᠦᠷᠡᠯ ᠴᠢᠲᠠᠪᠤᠷᠢ ᠶᠢ ᠰᠠᠶᠢᠵᠢᠷᠠᠭᠤᠯᠬᠤ ᠪᠤᠯᠬᠤᠷ ᠦᠲᠡᠯᠭᠦ ᠶᠢ ᠤᠲᠠᠭᠠᠰᠢᠷᠠᠭᠤᠯᠲᠠᠬ᠃      3. ᠲᠠᠯᠠᠢ ᠶᠢᠨ ᠵᠢᠭᠠᠰᠦ ᠪᠠ ᠶᠠᠰᠤᠲᠦ ᠮᠡᠯᠡᠬᠡᠢ ᠳᠤ ᠫᠧᠨᠢᠰᠢᠯᠢᠨ ᠤ ᠬᠤᠶᠠᠷᠴᠢ ᠬᠦᠴᠢᠯ ᠠᠭᠤᠯᠤᠬᠳᠠᠵᠦ ᠪᠠᠶᠢᠭ᠎ᠠ ᠪᠤᠯᠬᠤᠷ ᠰᠤᠲᠠᠯ ᠬᠠᠲᠠᠭᠤᠷᠠᠬᠤ ᠠᠴᠠ ᠰᠡᠷᠭᠡᠶᠢᠯᠡᠵᠦ ᠴᠢᠲᠠᠨ᠎ᠠ᠃      4. ᠬᠠᠷ᠎ᠠ ᠲᠠᠯᠲᠠᠤ ᠳᠤ ᠴᠢᠰᠦ ᠡᠭᠡᠳᠡᠬᠦ ᠠᠴᠠ ᠰᠡᠷᠭᠡᠶᠢᠯᠡᠬᠦ‍ ᠨᠢᠬᠡ ᠵᠦᠢᠯ ᠤᠨ ᠪᠤᠲᠠᠰ ᠪᠠᠶᠢᠳᠠᠬ᠃ ᠬᠠᠷ᠎ᠠ ᠲᠠᠯᠲᠠᠤ ᠶᠢ ᠦᠷᠬᠦᠯᠵᠢ ᠢᠳᠡᠪᠡᠯ ᠵᠢᠷᠦᠬᠡ ᠪᠠ ᠰᠤᠲᠠᠯ ᠤᠨ ᠡᠪᠡᠳᠴᠢᠨ ᠤᠯᠬᠤ ᠠᠴᠠ ᠰᠡᠷᠭᠡᠶᠢᠯᠡᠵᠦ ᠦᠲᠡᠯᠬᠦ ᠶᠢ ᠤᠲᠠᠭᠠᠰᠢᠷᠠᠭᠤᠯᠲᠠᠬ᠃     5. ᠴᠠᠭᠠᠨ ᠯᠤᠤᠪᠠᠩ᠂ ᠰᠢᠷ᠎ᠠ ᠯᠤᠤᠪᠠᠩ ᠡᠰ ᠤᠨ ᠢᠲᠡᠪᠬᠢᠵᠢᠯ ᠢ ᠰᠠᠶᠢᠵᠢᠷᠠᠭᠤᠯᠵᠦ ᠦᠮᠡᠨ ᠤ ᠡᠰ ᠢ ᠤᠰᠠᠳᠬᠠᠬᠤ ᠴᠢᠲᠠᠪᠤᠷᠢ ᠶᠢ ᠡᠷᠴᠢᠮᠵᠢᠭᠦᠯᠲᠡᠭ᠃ ᠡᠶᠢᠮᠦ ᠠᠴᠠ ᠪᠠᠶ᠎ᠡ ᠶᠢᠨ ᠡᠪᠡᠳᠴᠢᠨ ᠢ ᠦᠯᠥ ᠬᠠᠯᠳᠠᠭᠠᠬᠤ᠂   ᠦᠲᠡᠯᠭᠦ ᠶᠢ ᠤᠲᠠᠭᠠᠰᠢᠷᠠᠭᠤᠯᠬᠤ ᠴᠢᠲᠠᠪᠤᠷᠢ ᠶᠢ ᠨᠡᠮᠡᠭᠳᠡᠭᠦᠯᠲᠡᠭ᠃     6. ᠦᠨᠳᠡᠭᠡᠨ ᠮᠦᠬᠦ᠂ ᠪᠤᠷᠤ ᠮᠦᠬᠦ ᠵᠡᠷᠭᠡ ᠳᠤ ᠪᠤᠭᠤᠲᠠᠢ ᠶᠢᠨ ᠠᠯᠺᠤᠤᠯ ᠮᠡᠲᠦ ᠶᠢᠨ ᠤᠷᠭᠤᠮᠠᠯ ᠤᠨ ᠴᠢᠨᠠᠷᠲᠠᠢ ᠲᠤᠬᠲᠠᠮᠠᠯ ᠠᠯᠺᠤᠤᠯ ᠠᠭᠤᠯᠤᠬᠳᠠᠵᠦ ᠪᠠᠶᠢᠬᠤ ᠪᠤᠯᠬᠤᠷ ᠦᠮᠡᠨ ᠢ ᠲᠠᠷᠤᠬᠤ ᠰᠠᠶᠢᠨ ᠦᠢᠯᠡᠳᠦᠯ ᠲᠠᠢ ᠪᠠᠶᠢᠳᠠᠬ᠃     B ᠪᠦᠯᠦᠭ ᠢᠲᠡᠭᠡᠨ᠄ ᠲᠤᠤᠷᠠᠬᠢ ᠢᠲᠡᠬᠡᠨ ᠳᠤ ᠦᠲᠡᠯᠬᠦ ᠶᠢ  ᠤᠳᠠᠭᠠᠰᠢᠷᠠᠭᠤᠯᠬᠤ  ᠪᠦᠬᠡᠮ  ᠬᠦᠴᠢᠯ  ᠪᠠᠶᠢᠳᠠᠬ᠃ ᠡᠬᠦᠨ ᠳᠤ᠄      1. ᠤᠯᠠᠨ ᠵᠦᠢᠯ ᠤᠨ ᠬᠠᠲᠠᠭᠤ ᠵᠢᠮᠢᠰ᠂  ᠢᠯᠠᠩᠭᠤᠶ᠎ᠠ  ᠬᠦᠢᠯᠡᠰᠦᠨ ᠤ  ᠴᠦᠮ᠎ᠠ᠂  ᠰᠢᠳ ᠤᠨ  ᠴᠦᠮ᠎ᠠ  ᠪᠤᠯᠤᠨ ᠭᠠᠵᠠᠷ ᠤᠨ ᠰᠠᠮᠤᠷ ᠪᠤᠯᠤᠨ᠎ᠠ᠃ ᠢᠳᠡᠬᠦ ᠳᠡᠭᠡᠨ ᠲᠠᠪᠤᠰᠦ ᠬᠢᠬᠦ ᠪᠤᠶᠤ ᠬᠡᠮᠬᠡᠯᠡᠵᠦ ᠪᠤᠯᠬᠤ ᠦᠬᠡᠢ᠃      2. ᠪᠤᠭᠤᠲᠠᠢ ᠶᠢᠨ ᠨᠠᠬᠢᠶ᠎ᠠ᠃ ᠦᠷᠯᠦᠬᠡᠨ ᠤ ᠬᠤᠭᠤᠯᠠ ᠢᠳᠡᠬᠦ ᠦᠶ᠎ᠡ ᠳᠤ  ᠵᠢᠮᠢᠰ ᠤᠨ ᠰᠢᠬᠦᠰᠦ ᠪᠠ ᠲᠤᠰᠤ ᠦᠬᠡᠶᠢᠵᠢᠭᠦᠯᠦᠭᠰᠡᠨ ᠰᠦ ᠲᠠᠢ ᠢᠲᠡᠨ᠎ᠡ᠃      3. ᠪᠤᠭᠤᠲᠠᠢ ᠶᠢᠨ ᠬᠡᠪᠡᠭ᠃ ᠪᠤᠭᠤᠲᠠᠢ ᠶᠢᠨ ᠨᠠᠬᠢᠶ᠎ᠠ ᠶᠢ ᠤᠷᠤᠯᠠᠭᠤᠯᠬᠤ ᠪᠤᠶᠤ ᠨᠦᠬᠦᠪᠤᠷᠢᠯᠠᠵᠦ ᠪᠤᠯᠤᠨ᠎ᠠ᠃ ᠬᠡᠪᠡᠴᠦ ᠬᠤᠰᠬᠢᠨᠠᠬ ᠦᠷᠪᠢᠰᠬᠦ ᠠᠴᠠ ᠰᠡᠷᠬᠡᠶᠢᠯᠡᠬᠦ ᠶᠢᠨ ᠲᠤᠯᠠ ᠪᠠᠭ᠎ᠠ ᠢᠳᠡᠪᠡᠯ ᠵᠤᠬᠢᠨ᠎ᠠ᠃      4. ᠨᠢᠴᠠᠯᠤᠬᠰᠠᠨ ᠠᠷᠪᠠᠢ᠃ ᠡᠰ ᠢ ᠨᠡᠮᠡᠭᠳᠡᠬᠦᠯᠬᠦ ᠳᠤ ᠮᠠᠰᠢ ᠲᠤᠰᠠᠲᠠᠢ᠃      5. ᠲᠠᠬᠢᠶᠠᠨ ᠤ ᠭᠤᠶ᠎ᠠ᠃ ᠲᠠᠬᠢᠶᠠᠨ ᠤ ᠰᠢᠮ᠎ᠡ ᠲᠡᠵᠢᠬᠡᠯ ᠨᠢ ᠭᠤᠶ᠎ᠠ ᠪᠠ ᠬᠠᠷ᠎ᠠ ᠮᠢᠬᠠᠨ ᠳᠤ ᠨᠢ ᠪᠠᠶᠢᠨ᠎ᠠ᠃      6. ᠦᠷᠭᠡᠰᠦᠲᠦ ᠨᠤᠭᠤᠭ᠎ᠠ ︵ᠪᠦᠸᠧᠼᠠᠢ︶᠃ ᠲᠡᠬᠦᠨ ᠳᠤ ᠡᠪᠡᠰᠦᠨ ᠤ ᠬᠦᠴᠢᠯ ᠠᠭᠤᠯᠤᠬᠳᠠᠪᠠᠴᠦ ᠶᠡᠭᠡ ᠬᠡᠮᠵᠢᠶᠡᠨ ᠤ ᠪᠦᠬᠡᠮ ᠬᠦᠴᠢᠯ ᠢ ᠬᠠᠩᠭᠠᠵᠦ ᠦᠭᠲᠡᠭ ᠶᠤᠮ᠃      7. ᠪᠤᠷᠴᠠᠬ ᠤᠨ ᠵᠦᠢᠯ᠃ ᠲᠡᠭᠦᠨ ᠳᠤ ᠤᠭᠤᠷᠠᠬ  ᠡᠯᠪᠡᠭ᠃  ᠮᠢᠠᠬᠨ ᠤ  ᠵᠦᠢᠯ  ᠪᠤᠯᠤᠨ  ᠪᠤᠯᠪᠠᠰᠤᠷᠠᠭᠤᠯᠤᠬᠰᠠᠨ ᠴᠠᠭᠠᠨ ᠢᠳᠡᠭᠡ ᠶᠢ ᠤᠷᠤᠯᠠᠵᠦ ᠪᠤᠯᠤᠨ᠎ᠠ᠃      8. ᠪᠤᠷᠤ ᠪᠤᠷᠴᠠᠬ ︵ᠸᠠᠨᠳᠧᠤ︶᠃ ᠮᠦᠨ ᠮᠢᠬᠠᠨ ᠤ ᠤᠭᠤᠷᠠᠬ ᠢ ᠤᠷᠤᠯᠠᠬᠴᠢ ᠢᠲᠡᠭᠡᠨ ᠮᠦᠨ᠃      9. ᠼᠠᠨᠳᠧᠤ᠃ ᠪᠤᠷᠤ ᠪᠤᠷᠴᠠᠭ ᠲᠠᠢ ᠠᠳᠠᠯᠢ ᠰᠢᠮ᠎ᠠ ᠲᠡᠵᠢᠬᠡᠯ ᠪᠠᠶᠢᠬᠤ ᠠᠴᠠ ᠭᠠᠲᠠᠨ᠎ᠠ ᠤᠯᠠᠨ ᠵᠦᠢᠯ ᠤᠨ ᠰᠢᠬᠢᠷ ᠤᠨ ᠪᠦᠷᠢᠯᠳᠦᠬᠦᠨ ᠠᠭᠤᠯᠤᠬᠳᠠᠵᠦ ᠬᠦᠮᠦᠨ ᠤ ᠪᠡᠶ᠎ᠡ ᠶᠢ ᠨᠡᠩ ᠶᠡᠭᠡ ᠢᠲᠡᠪᠬᠢᠵᠢᠭᠦᠯᠲᠡᠭ᠃     ᠬᠦᠮᠦᠨ ᠲᠦᠷᠦᠯᠬᠢᠲᠡᠨ ᠤ ᠠᠮᠢ ᠨᠠᠰᠤ ᠶᠢ ᠤᠷᠲᠤᠳᠬᠠᠬᠤ ᠠᠨᠢᠰᠤ ᠶᠢ ᠡᠷᠢᠵᠦ ᠤᠯᠬᠤ ᠶᠢᠨ ᠲᠦᠯᠦᠬᠡ ᠰᠢᠨᠵᠢᠯᠡᠬᠦ ᠤᠬᠠᠭᠠᠳᠠᠳ ᠶᠡᠬᠡᠬᠡᠨ ᠰᠤᠲᠤᠯᠭ᠎ᠠ ᠬᠢᠵᠦ ᠤᠯᠠᠨ ᠵᠦᠢᠯ ᠤᠨ ᠤᠨᠤᠯ ᠢ ᠲᠤᠷᠠᠳᠴᠦ ᠭᠠᠷᠭᠠᠭᠰᠠᠨ ᠪᠦᠬᠡᠳ ᠬᠦᠮᠦᠨ ᠤ ᠪᠡᠶ᠎ᠡ ᠳᠠᠬᠢ ᠪᠦᠬᠡᠮ ᠬᠦᠴᠢᠯ ᠪᠤᠯ ᠪᠠᠶ᠎ᠡ ᠳᠠᠬᠢ ᠡᠰ ᠪᠠ ᠨᠡᠬᠡᠳᠡᠰᠦ ᠶᠢ ᠴᠢᠩᠭᠠᠷᠠᠭᠤᠯᠬᠤ ᠴᠢᠬᠤᠯᠠ ᠬᠦᠴᠦᠨ ᠵᠦᠢᠯ ᠮᠦᠨ ᠬᠡᠵᠦ ᠵᠠᠷᠢᠮᠠᠳ ᠨᠢ ᠦᠵᠡᠵᠦ ᠪᠠᠶᠢᠨ᠎ᠠ᠃ ᠬᠦᠮᠦᠰ ᠬᠠᠩᠭᠠᠮᠵᠢᠲᠠᠢ ᠪᠦᠬᠡᠮ ᠬᠦᠴᠢᠯ ᠢ ᠲᠠᠰᠤᠷᠠᠯᠲᠠ ᠦᠬᠡᠢ ᠬᠦᠷᠲᠡᠭᠰᠡᠨ ᠤ ᠲᠠᠷᠠᠭ᠎ᠠ ᠡᠳᠡᠭᠡᠷ ᠪᠦᠬᠡᠮ ᠬᠦᠴᠢᠯ ᠨᠢ ᠦᠷᠴᠢᠯᠡᠭᠡ ᠤᠷᠤᠬᠤ ᠶᠢ ᠬᠤᠶᠢᠰᠢᠯᠠᠭᠤᠯᠵᠦ ᠪᠠᠶ᠎ᠠ ᠶᠢᠨ ᠨᠠᠬᠡᠳᠡᠰᠦ ᠰᠤᠯᠠᠷᠠᠬᠤ᠂ ᠪᠠᠶ᠎ᠠ ᠮᠠᠬᠠᠪᠤᠳ ᠤᠨ ᠰᠢᠨ᠎ᠡ ᠬᠠᠭᠤᠴᠢᠨ ᠤ ᠰᠤᠯᠢᠭᠳᠠᠯ ᠢ ᠬᠤᠷᠢᠭᠯᠠᠵᠤ ᠴᠢᠲᠠᠨ᠎ᠠ᠃      
 
ᠢᠷᠡᠯᠲᠡ᠄ ᠢᠷᠡᠯᠲᠡ᠄ ︽ᠡᠷᠢᠨ ᠴᠠᠬ ᠲᠤ ᠨᠦᠯᠦᠬᠡ ᠲᠠᠢ 99 ᠠᠮᠢᠳᠤᠷᠠᠯ ᠤᠨ ᠠᠷᠭ᠎ᠠ ᠤᠬᠠᠭᠠᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号