ᠠᠮᠧᠷᠢᠺᠠ ᠶᠢᠨ ᠰᠢᠨ᠎ᠠ ᠵᠧᠷᠰᠢ ᠵᠸᠤ ᠶᠢᠨ ᠷᠤᠰᠮᠠᠨ ᠶᠠᠰᠤᠨ ᠤ ᠡᠮᠨᠡᠯᠭᠡ ᠶᠢᠨ ᠰᠤᠳᠤᠯᠭᠠᠨ ᠤ ᠭᠠᠵᠠᠷ ᠤᠨ | ᠹᠢᠽᠢᠺ ᠵᠠᠰᠠᠯ ᠢᠶᠠᠷ ᠡᠷᠡᠬᠦᠯᠵᠢᠬᠦᠯᠬᠦ ᠲᠤᠰᠬᠠᠢ ᠮᠡᠷᠭᠡᠵᠢᠯᠳᠡᠨ ᠹᠠᠯᠺᠧᠨ ᠢᠯᠡᠷᠭᠡᠶᠢᠯᠡᠬᠦ ᠳᠡᠭᠡᠨ᠂ ᠪᠦᠵᠢᠭᠯᠡᠪᠡᠯ ᠦᠳᠡᠯᠬᠦ | ᠠᠬᠢᠴᠠ ᠶᠢ ᠤᠲᠠᠭᠠᠰᠢᠷᠠᠭᠤᠯᠤᠨᠠ᠂ ᠡᠨᠡ ᠨᠢ ᠨᠠᠰᠤᠳᠠᠶᠢᠴᠤᠳ ᠤᠨ ᠡᠷᠡᠬᠦᠯ ᠮᠠᠨᠳᠤ ᠳᠤ ᠦᠨᠡᠨ ᠬᠦ ᠠᠰᠢᠬᠳᠠᠢ᠃ | ᠲᠠᠨᠽᠯᠠᠬᠤ ᠪᠤᠯ ᠬᠤᠪᠢ ᠶᠢᠨ ᠪᠡᠶ᠎ᠡ ᠶᠢᠨ ᠬᠥᠨᠳᠤ ᠶᠢ ᠬᠥᠢᠴᠡᠳ ᠠᠰᠢᠭᠯᠠᠬᠤ ᠨᠢᠭᠡ ᠵᠦᠢᠯ ᠤᠨ ᠪᠦᠳᠤᠮᠵᠢᠳᠠᠢ ᠪᠡᠶ᠎ᠡ | ᠪᠤᠯᠪᠠᠰᠤᠷᠠᠭᠤᠯᠬᠤ ᠠᠷᠭ᠎ᠠ ᠮᠠᠶ᠋ᠢᠭ ᠮᠦᠨ︔ ᠸᠠᠯᠢᠰ ᠪᠦᠵᠢᠭ ᠨᠢ ᠨᠠᠰᠤᠳᠠᠶᠢᠴᠤᠳ ᠤᠨ ᠵᠢᠷᠤᠭᠡ ᠪᠠ ᠴᠢᠰᠤᠨ ᠰᠤᠳᠠᠯ | ᠤᠨ ᠡᠷᠡᠬᠦᠯ ᠮᠠᠨᠳᠤ ᠳᠤ ᠠᠰᠢᠬᠳᠠᠢ ᠶᠤᠮ ᠭᠡᠵᠠᠢ᠃ ᠹᠠᠯᠺᠧᠨ ᠪᠠᠰᠠ ᠴᠢᠬᠤᠯᠠᠴᠢᠯᠠᠬᠤ ᠳᠠᠭᠠᠨ᠂ ᠪᠦᠵᠢᠭᠯᠡᠭᠴᠢ ᠶᠢᠨ | ᠵᠠᠪᠠᠯ ᠪᠠᠷᠢᠮᠳᠠᠯᠠᠳᠠᠭ ᠠᠳᠠᠯᠢ ᠪᠤᠰᠤ ᠦᠢᠯᠡ ᠬᠥᠳᠡᠯᠤᠯ ᠨᠢ ᠭᠤᠤᠯᠯᠠᠬᠤ ᠪᠤᠯᠴᠢᠩ ᠤᠨ ᠪᠦᠯᠦᠭ ᠢ | ᠪᠤᠯᠪᠠᠰᠤᠷᠠᠭᠤᠯᠬᠤ ᠳᠤ ᠲᠦᠢᠯ ᠤᠨ ᠴᠢᠬᠤᠯᠠ ᠪᠠᠶᠢᠳᠠᠭ ᠭᠡᠵᠠᠢ᠃ ᠠᠮᠧᠷᠢᠺᠠ ᠶᠢᠨ《ᠨᠠᠰᠤᠳᠠᠶᠢᠴᠤᠳ ᠤᠨ | ᠡᠪᠡᠳᠴᠢᠨ ᠤ ᠤᠬᠠᠭᠠᠨ ᠬᠢᠭᠡᠳ ᠨᠠᠰᠤᠳᠠᠶᠢᠴᠤᠳ ᠤᠨ ᠠᠨᠠᠭᠠᠬᠤ ᠤᠬᠠᠭᠠᠨ ᠤ ᠲᠠᠩᠰᠠ ᠡᠪᠭᠡᠮᠡᠯ》ᠰᠡᠳᠬᠦᠯ ᠳᠤ | ᠨᠡᠶᠢᠳᠡᠯᠡᠭᠰᠡᠨ ᠨᠢᠭᠡᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠪᠦᠵᠢᠭ ᠤᠨ ᠪᠤᠯᠪᠠᠰᠤᠷᠠᠭᠤᠯᠤᠯ ᠳᠤ ᠤᠷᠤᠯᠴᠠᠳᠠᠭ | ᠪᠡᠶ᠎ᠡ ᠰᠤᠯᠠ ᠨᠠᠰᠤᠳᠠᠶᠢᠴᠤᠳ ᠢ ᠬᠠᠷᠢᠴᠠᠭᠤᠯᠤᠭᠰᠠᠨ ᠲᠤᠭᠤᠶᠢᠯᠠᠩ ᠤᠨ ᠨᠠᠰᠤᠳᠠᠶᠢᠴᠤᠳ ᠲᠠᠢ ᠠᠳᠠᠯᠢᠳᠬᠠᠪᠠᠯ | ᠲᠡᠳᠡᠨ ᠤ ᠲᠡᠩᠴᠡᠬᠦᠷᠢᠰᠢᠬᠦᠯᠬᠦ ᠴᠢᠳᠠᠪᠤᠷᠢ ᠨᠢ ᠨᠡᠩ ᠴᠢᠩᠭ᠎ᠠ ᠪᠠᠶᠢᠵᠤ᠂ ᠦᠢᠴᠢᠬᠤ ᠤᠳᠠᠭ᠎ᠠ ᠨᠢ ᠨᠡᠩ ᠴᠦᠭᠡᠨ | ᠪᠠᠶᠢᠳᠠᠭ᠃ | ᠠᠮᠧᠷᠢᠺᠠ ᠶᠢᠨ《ᠰᠢᠨ᠎ᠠ ᠢᠩᠭ᠍ᠯᠠᠨᠳ᠋ ᠤᠨ ᠠᠨᠠᠭᠠᠬᠤ ᠤᠬᠠᠭᠠᠨ ᠤ ᠰᠡᠳᠬᠦᠯ》 ᠳᠤ ᠨᠡᠶᠢᠳᠡᠯᠡᠭᠰᠡᠨ ᠨᠢᠭᠡᠨ | ᠰᠤᠳᠤᠯᠭᠠᠨ ᠳᠤ ᠢᠯᠡᠷᠭᠡᠶᠢᠯᠡᠭᠰᠡᠨ ᠢᠶᠠᠷ᠂ ᠪᠦᠵᠢᠭ ᠪᠤᠯ ᠨᠠᠰᠤᠳᠠᠶᠢᠴᠤᠳ ᠤᠨ ᠮᠡᠨᠡᠭ ᠡᠪᠡᠳᠴᠢᠨ ᠤ ᠲᠦᠭᠰᠢᠬᠦᠷᠢ ᠶᠢ | ᠪᠠᠭᠤᠷᠠᠭᠤᠯᠵᠤ ᠲᠠᠶᠢᠯᠬᠦ ᠴᠤᠷ ᠤᠨ ᠭᠠᠭᠴᠠ ᠪᠡᠶ᠎ᠡ ᠶᠢᠨ ᠬᠥᠳᠡᠯᠭᠡᠭᠡᠨ ᠮᠦᠨ᠃ ᠡᠬᠦᠨ ᠠᠴᠠ ᠭᠠᠳᠠᠨ᠎ᠠ᠂ | ᠨᠠᠰᠤᠳᠠᠶᠢᠴᠤᠳ ᠪᠦᠵᠢᠭ ᠪᠤᠯᠪᠠᠰᠤᠷᠠᠬᠤ ᠨᠢ ᠮᠦᠨ ᠴᠦ ᠲᠠᠭᠤᠤ ᠬᠥᠭᠵᠢᠮ ᠤᠨ ᠵᠠᠰᠠᠯᠭ᠎ᠠ ᠪᠠ ᠨᠡᠶᠢᠭᠡᠮ ᠤᠨ | ᠬᠠᠷᠢᠯᠴᠠᠭᠠᠨ ᠤ ᠵᠠᠰᠠᠯᠭ᠎ᠠ ᠶᠢᠨ ᠲᠡᠬᠦᠰ ᠰᠠᠶᠢᠬᠠᠨ ᠤᠶᠠᠯᠳᠤᠯ ᠮᠦᠨ᠂ ᠡᠨᠡ ᠨᠢ ᠪᠡᠶ᠎ᠡ ᠶᠢᠨ ᠬᠤᠷᠮᠤᠨ ᠢ ᠨᠡᠩ ᠤᠯᠠᠨ | ᠱᠦᠬᠦᠷᠡᠬᠦᠯᠬᠦ ᠳᠤ ᠬᠠᠪᠰᠤᠷᠤᠯᠭ᠎ᠠ ᠪᠤᠯᠵᠤ᠂ ᠬᠥᠮᠤᠨ ᠢ ᠨᠡᠩ ᠪᠠᠶᠠᠷ ᠪᠠᠶᠠᠰᠬᠤᠯᠠᠩᠳᠠᠢ ᠪᠤᠯᠭᠠᠵᠤ ᠴᠢᠳᠠᠳᠠᠭ᠃ | ᠪᠦᠵᠢᠭ ᠦᠰᠦᠷᠬᠦ ᠶᠢᠨ ᠪᠡᠶ᠎ᠡ ᠰᠡᠳᠬᠢᠯ ᠳᠤ ᠤᠯᠭᠤᠬᠤ ᠠᠴᠢ ᠲᠤᠰᠠ ᠨᠢ ᠪᠡᠶ᠎ᠡ ᠶᠢ ᠢᠯᠢᠬᠦ ᠠᠴᠠ ᠨᠢᠭᠡ ᠴᠤ | ᠲᠤᠤᠷ᠎ᠠ ᠦᠭᠡᠢ ᠪᠠᠶᠢᠳᠠᠭ᠃ | |