ᠨᠠᠰᠤᠳᠠᠢ ᠬᠦᠮᠦᠨ ᠰᠠᠭᠤᠭ᠎ᠠ ᠪᠠᠷ ᠢᠶᠠᠨ ᠦᠷᠭᠡᠯᠡᠬᠦ ᠨᠢ ᠠᠶᠤᠯᠳᠠᠢ
ᠨᠡᠶᠢᠲᠡᠯᠡᠭᠰᠡᠨ ᠴᠠᠭ᠄
2018-12-10
     ᠰᠠᠭᠤᠭ᠎ᠠ ᠪᠠᠷ ᠢᠶᠠᠨ ᠦᠷᠭᠡᠯᠡᠬᠦ ᠪᠤᠯ ᠡᠩ ᠤᠨ ᠶᠠᠪᠤᠳᠠᠯ᠂ ᠳᠦᠷ ᠠᠮᠤᠰᠬᠢᠭᠡᠳ ᠠᠪᠬᠤ ᠰᠠᠶᠢᠨ ᠠᠷᠭ᠎ᠠ ᠴᠤ ᠪᠠᠶᠢᠵᠤ ᠮᠡᠳᠡᠨ᠎ᠠ᠃ ᠭᠡᠪᠡᠴᠦ ᠨᠠᠰᠤᠳᠠᠢ ᠬᠦᠮᠦᠨ ᠳᠤ ᠠᠪᠴᠤ ᠬᠡᠯᠡᠪᠡᠯ ᠠᠶᠤᠯᠳᠠᠢ ᠪᠠᠶᠢᠳᠠᠭ᠃         ᠨᠠᠰᠤᠳᠠᠢ ᠬᠦᠮᠦᠨ ᠶᠠᠭᠠᠬᠢᠭᠠᠳ ᠠᠮᠠᠷᠬᠠᠨ ᠦᠷᠭᠡᠯᠡᠳᠡᠭ ᠪᠤᠢ      ᠬᠦᠮᠦᠨ ᠨᠠᠰᠤ ᠠᠬᠰᠢᠷᠠᠭᠰᠠᠭᠠᠷ ᠳᠤᠤᠷ᠎ᠠ ᠳᠤᠷᠠᠬᠠᠨ ᠨᠦᠢᠷ ᠬᠦᠷᠬᠦ ᠪᠠᠶᠢᠳᠠᠯ ᠲᠠᠢ ᠪᠤᠯᠳᠠᠭ᠃  ᠡᠭᠦᠨ ᠳᠤ  ᠬᠤᠶᠠᠷ ᠵᠦᠢᠯ ᠤᠨ ᠰᠢᠯᠳᠠᠭᠠᠨ ᠪᠠᠶᠢᠳᠠᠭ᠄      ᠹᠢᠽᠢᠤᠯᠤᠬᠢ ᠶᠢᠨ ᠳᠠᠯ᠎ᠠ ᠠᠴᠠ ᠠᠪᠴᠤ ᠦᠵᠡᠪᠡᠯ᠂ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠳᠠᠷᠢᠬᠢᠨ ᠤ ᠡᠰ ᠠᠭᠠᠵᠢᠮ ᠢᠶᠠᠷ ᠬᠦᠭᠰᠢᠷᠡᠵᠦ᠂ ᠴᠦᠭᠡᠷᠡᠨ᠂ ᠦᠨᠳᠦᠰᠦᠨ ᠳᠡᠭᠡᠨ ᠳᠠᠬᠢᠨ ᠳᠦᠯᠵᠢᠬᠦ ᠪᠠᠨ ᠪᠤᠯᠢᠵᠤ᠂ ᠶᠡᠭᠡ ᠳᠠᠷᠢᠬᠢ ᠠᠭᠠᠵᠢᠮ ᠢᠶᠠᠷ ᠮᠠᠭᠤᠳᠠᠵᠤ ᠠᠪᠴᠢᠨ᠎ᠠ᠂ ᠳᠡᠭᠡᠭᠡᠳ ᠳᠠᠷᠢᠬᠢᠨ ᠮᠡᠳᠡᠷᠡᠯ ᠤᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠴᠦᠭᠡᠷᠡᠵᠦ ᠡᠬᠢᠯᠡᠨ᠂ ᠰᠡᠷᠡᠯ ᠮᠡᠳᠡᠷᠡᠯ ᠮᠠᠭᠤᠳᠠᠬᠤ᠂ ᠰᠡᠳᠭᠢᠬᠦᠢ ᠤᠳᠠᠭᠠᠨ ᠪᠤᠯᠬᠤ ᠵᠡᠷᠭᠡ ᠪᠠᠶᠢᠳᠠᠯ  ᠭᠠᠷᠳᠠᠭ᠃  ᠡᠭᠦᠨ ᠠᠴᠠ ᠪᠤᠯᠵᠤ ᠠᠮᠠᠷᠬᠠᠨ ᠦᠷᠭᠡᠯᠡᠨ᠎ᠠ᠃      ᠡᠪᠡᠳᠴᠢᠨ ᠡᠮᠬᠡᠭ ᠤᠨ ᠳᠠᠯ᠎ᠠ ᠠᠴᠠ ᠠᠪᠴᠤ ᠦᠵᠡᠪᠡᠯ᠂ ᠵᠠᠷᠢᠮ ᠨᠠᠰᠤᠳᠠᠨ ᠤ ᠳᠠᠷᠢᠬᠢᠨ ᠤ ᠯᠤᠬᠰᠢᠭᠤᠨ ᠰᠤᠳᠠᠯ ᠨᠢ ᠬᠠᠳᠠᠭᠤᠷᠠᠭᠰᠠᠨ ᠠᠴᠠ ᠪᠤᠯᠵᠤ ᠳᠠᠷᠢᠬᠢᠨ ᠤ ᠴᠢᠰᠦᠨ ᠤ ᠬᠠᠩᠭᠠᠯᠭ᠎ᠠ ᠬᠦᠷᠦᠯᠴᠡᠭᠡ ᠮᠠᠭᠤᠳᠠᠢ  ᠪᠤᠯᠤᠭᠰᠠᠨ ᠠᠴᠠ ᠠᠮᠠᠷᠬᠠᠨ ᠦᠷᠭᠡᠯᠡᠬᠦ ᠪᠠᠶᠢᠳᠠᠯ ᠢᠯᠡᠷᠡᠳᠡᠭ᠃      ᠰᠠᠭᠤᠭ᠎ᠠ ᠪᠠᠷ ᠢᠶᠠᠨ ᠦᠷᠭᠡᠯᠡᠪᠡᠯ ᠰᠢᠷᠬᠠᠳᠤᠵᠤ ᠮᠡᠳᠡᠨ᠎ᠠ      ᠬᠦᠵᠦᠭᠦᠦ ᠪᠠᠨ ᠭᠡᠮᠳᠦᠭᠡᠵᠦ ᠮᠡᠳᠡᠨ᠎ᠠ᠄ ᠬᠦᠮᠦᠨ ᠰᠠᠭᠤᠭ᠎ᠠ ᠪᠠᠷ ᠢᠶᠠᠨ ᠦᠷᠭᠡᠯᠡᠪᠡᠯ ᠳᠤᠯᠤᠭᠠᠢ ᠪᠠᠨ‌ᠨᠠᠭᠠᠰᠢ  ᠴᠠᠭᠠᠰᠢ ᠰᠠᠪᠠᠯᠠᠬᠤ ᠪᠠᠶᠢᠳᠠᠯ ᠭᠠᠷᠳᠠᠭ᠃ ᠨᠠᠰᠤᠳᠠᠶᠢᠴᠤᠳ ᠤᠨ ᠬᠦᠵᠦᠭᠦᠦ ᠨᠢ ᠵᠠᠯᠠᠭᠤ  ᠬᠦᠮᠦᠨ ᠤ ᠬᠢ  ᠰᠢᠭ  ᠤᠶᠠᠨ ᠬᠠᠳᠠᠨ ᠪᠢᠰᠢ ᠪᠤᠯᠤᠭᠰᠠᠨ ᠪᠤᠯᠬᠤ ᠪᠠᠷ ᠳᠤᠯᠤᠭᠠᠢ ᠪᠠᠨ ᠳᠤᠬᠢᠰᠬᠢᠭᠡᠳ ᠠᠪᠬᠤ ᠳᠤ ᠭᠦᠵᠦᠭᠦᠦ ᠪᠠᠨ ᠭᠡᠮᠳᠦᠭᠡᠴᠢᠭᠡᠵᠦ ᠮᠡᠳᠡᠨ᠎ᠠ᠃      ᠤᠨᠠᠵᠤ ᠳᠤᠰᠬᠤ ᠠᠶᠤᠯ ᠲᠠᠢ᠄ ᠰᠠᠭᠤᠭ᠎ᠠ ᠪᠠᠷ ᠢᠶᠠᠨ ᠤᠨᠳᠠᠭᠠᠳ ᠪᠤᠰᠬᠤ ᠳᠤ  ᠪᠡᠶ᠎ᠡ ᠶᠢᠨ ᠳᠡᠩᠴᠡᠭᠦᠷᠢ ᠠᠮᠠᠷᠬᠠᠨ ᠠᠯᠳᠠᠬᠳᠠᠳᠠᠭ᠂ ᠳᠡᠶᠢᠮᠦ ᠠᠴᠠ ᠤᠨᠠᠵᠤ ᠳᠤᠰᠬᠤ ᠠᠶᠤᠯ ᠲᠠᠢ᠃      ᠠᠮᠠᠷᠬᠠᠨ ᠬᠢᠮᠤᠷᠠᠳᠠᠭ᠄ ᠰᠠᠭᠤᠭ᠎ᠠ ᠪᠠᠷ ᠦᠷᠭᠡᠯᠡᠨ᠎ᠠ ᠭᠡᠳᠡᠭ ᠴᠢᠨᠢ ᠬᠠᠮᠢᠭ᠎ᠠ ᠴᠤ ᠦᠷᠭᠡᠯᠡᠵᠦ ᠪᠤᠯᠤᠨ᠎ᠠ᠂ ᠬᠡᠷᠪᠡ ᠰᠠᠯᠬᠢᠨ ᠠᠮᠠ ᠳᠠᠭᠠᠷᠠᠪᠠᠯ᠂ ᠤᠨᠳᠠᠭᠠᠳ ᠪᠡᠶ᠎ᠡ ᠶᠢᠨ ᠳᠤᠯᠠᠭᠠᠨ ᠪᠠᠭᠤᠷᠠᠭᠰᠠᠨ ᠳᠡᠭᠡᠷ᠎ᠡ ᠰᠡᠯᠬᠢᠨ ᠳᠤ  ᠦᠯᠢᠶᠡᠯᠭᠡᠪᠡᠯ  ᠠᠮᠠᠷᠬᠠᠨ ᠬᠢᠮᠦᠷᠠᠭ᠎ᠠ ᠳᠤ ᠨᠡᠷᠪᠡᠭᠳᠡᠬᠦ ᠠᠶᠤᠯ ᠲᠠᠢ᠃      ᠨᠠᠰᠤᠳᠠᠶᠢᠴᠤᠳ ᠤᠨ ᠨᠦᠢᠷ ᠬᠦᠷᠬᠦ ᠶᠢ ᠠᠷᠭᠠᠴᠠᠬᠤ ᠵᠦᠪ ᠠᠷᠭ᠎ᠠ      ᠨᠠᠰᠤᠳᠠᠢ ᠭᠦᠮᠦᠨ ᠤ ᠡᠳᠦᠷ ᠢᠶᠠᠷ ᠨᠦᠢᠷ ᠬᠦᠷᠬᠦ ᠨᠢ ᠢᠯᠡᠭᠦᠦ ᠪᠤᠯᠬᠤ ᠪᠤᠶᠤ ᠪᠠᠶᠢᠨ ᠪᠠᠶᠢᠨ ᠦᠷᠭᠡᠯᠡᠭᠡᠳ ᠪᠠᠶᠢᠪᠠᠯ᠂ ᠳᠦᠷ ᠳᠤᠭᠬᠢᠬᠤ ᠶᠢᠨ ᠳᠡᠭᠡᠷ᠎ᠡ ᠦᠳᠡ ᠶᠢᠨ ᠨᠦᠢᠷ ᠠᠪᠬᠤ ᠠᠷᠭ᠎ᠠ ᠪᠠᠷ ᠳᠠᠷᠢᠬᠢ ᠳᠤᠯᠤᠭᠠᠢ ᠪᠠᠨ  ᠰᠡᠷᠭᠦᠭᠡᠵᠦ ᠪᠤᠯᠤᠨ᠎ᠠ᠃ ᠳᠤᠬᠬᠢᠬᠤ ᠴᠠᠭ ᠨᠢ ᠭᠡᠳᠦ ᠤᠷᠳᠤ ᠪᠠᠶᠢᠵᠤ ᠪᠤᠯᠬᠤ ᠦᠭᠡᠢ 10 — 20 ᠮᠢᠨᠦ᠋ᠲ ᠪᠤᠯ  ᠪᠤᠯᠴᠢᠬᠠᠨ᠎ᠠ᠂  ᠳᠠᠷᠤᠢ ᠳᠠᠷᠢᠬᠢ ᠰᠡᠷᠭᠦᠵᠦ ᠳᠡᠶᠢᠯᠪᠡᠯ ᠪᠤᠯᠴᠢᠬᠠᠨ᠎ᠠ᠃      ᠨᠦᠢᠷ ᠬᠦᠷᠦᠭᠰᠡᠨ ᠴᠠᠭ ᠲᠠᠭᠠᠨ ᠬᠠᠨᠵᠤ ᠪᠤᠶᠤ ᠱᠠᠹᠠ ᠳᠡᠭᠡᠷ᠎ᠡ ᠪᠠᠨ ᠳᠤᠬᠢᠯᠠᠵᠤ ᠬᠡᠪᠳᠡᠭᠡᠳ ᠳᠦᠷ ᠳᠤᠬᠭᠢᠨ᠎ᠠ᠃ ᠰᠡᠷᠢᠭᠡᠳ ᠴᠤ ᠤᠬᠯᠤ ᠦᠰᠦᠷᠦᠨ ᠪᠤᠰᠬᠤ ᠪᠤᠶᠤ ᠪᠡᠶ᠎ᠡ ᠤᠷᠪᠠᠵᠤ ᠪᠤᠯᠬᠤ ᠦᠭᠡᠢ᠂  ᠭᠡᠰᠡᠭ ᠳᠠᠶᠢᠪᠤᠩ  ᠬᠡᠪᠳᠡᠭᠰᠡᠨ ᠢᠶᠠᠨ ᠳᠤᠯᠵᠤ ᠳᠦᠰᠢᠭᠦ ᠶᠠᠭᠤᠮ᠎ᠠ ᠤᠯᠵᠤ ᠳᠦᠰᠢᠵᠦ ᠨᠠᠯᠠᠨ ᠳᠠᠶᠢᠪᠤᠩ ᠪᠤᠰᠪᠠᠯ ᠵᠤᠬᠢᠨ᠎ᠠ᠃      ᠦᠳᠡ ᠳᠡᠭᠡᠨ 1 ᠴᠠᠭ ᠬᠢᠷᠢᠳᠡᠢ ᠤᠨᠳᠠᠵᠤ ᠪᠤᠯᠤᠨ᠎ᠠ᠃ ᠤᠨᠳᠠᠬᠤ ᠴᠠᠭ ᠨᠢ ᠳᠡᠩᠳᠡᠭᠦᠦ ᠤᠬᠤᠷ ᠪᠤᠯᠪᠠᠯ ᠠᠮᠠᠷᠠᠵᠤ ᠳᠡᠶᠢᠯᠬᠦ ᠦᠭᠡᠢ᠂ ᠤᠷᠳᠤ ᠪᠤᠯᠪᠠᠯ ᠰᠦᠨᠢ ᠳᠡᠭᠡᠨ ᠤᠨᠳᠠᠵᠤ ᠳᠡᠶᠢᠯᠬᠦ ᠦᠭᠡᠢ ᠪᠤᠯᠤᠨ᠎ᠠ᠃      ᠳᠠᠭᠠᠳᠠᠢ ᠤᠨᠳᠠᠬᠤ ᠨᠢ ᠨᠠᠰᠤᠳᠠᠢ ᠬᠦᠮᠦᠨ ᠳᠤ ᠳᠤᠩ ᠴᠢᠬᠤᠯᠠ      ᠹᠢᠽᠢᠦᠯᠤᠬᠢ ᠶᠢᠨ ᠰᠢᠯᠳᠠᠭᠠᠨ᠂ ᠤᠵᠢᠬ ᠡᠪᠡᠳᠴᠢᠨ ᠤ ᠤᠷᠰᠢᠬ᠂ ᠰᠦᠨᠢ ᠪᠤᠰᠴᠤ ᠭᠠᠳᠠᠭᠠᠯᠠᠬᠤ ᠵᠡᠷᠭᠡ ᠠᠴᠠ ᠪᠤᠯᠵᠤ ᠨᠠᠰᠤᠳᠠᠶᠢᠴᠤᠳ ᠰᠦᠨᠢ ᠨᠢ ᠰᠠᠶᠢᠨ ᠤᠨᠳᠠᠵᠤ ᠳᠡᠶᠢᠯᠬᠦ ᠦᠭᠡᠢ᠂ ᠡᠳᠦᠷ ᠨᠢ ᠨᠦᠢᠷ ᠬᠦᠷᠬᠦ ᠪᠠᠶᠢᠳᠠᠯ ᠲᠠᠢ ᠪᠠᠶᠢᠳᠠᠭ᠃ ᠶᠠᠭᠠᠬᠢᠪᠠᠯ ᠰᠠᠶᠢᠨ ᠤᠨᠳᠠᠵᠤ ᠳᠡᠶᠢᠯᠦᠨ᠎ᠠ ᠪᠤᠢ︖      ᠤᠷᠤᠢ ᠳᠠᠭᠠᠨ 22 ᠴᠠᠭ ᠠᠴᠠ ᠡᠮᠦᠨ᠎ᠠ ᠤᠨᠳᠠᠵᠤ᠂ 7 ᠴᠠᠭ ᠤᠷᠴᠢᠮ ᠤᠨᠳᠠᠬᠤ ᠶᠢ ᠪᠠᠳᠤᠯᠠᠪᠠᠯ ᠰᠠᠶᠢᠨ ᠭᠡᠵᠦ ᠨᠠᠰᠤᠳᠠᠶᠢᠴᠤᠳ ᠲᠤ ᠰᠠᠨᠠᠭᠤᠯᠤᠶ᠎ᠠ᠃      ᠡᠳᠦᠷ ᠨᠠᠷᠠᠨ ᠳᠤ ᠢᠯᠡᠭᠦᠦ ᠡᠭᠡᠭᠡᠷᠡᠢ᠃ ᠡᠳᠦᠷ ᠨᠠᠷᠠᠨ ᠳᠤ ᠰᠠᠶᠢᠨ ᠡᠭᠡᠭᠡᠪᠡᠯ ᠤᠨᠳᠠᠯᠭ᠎ᠠ ᠳᠤ ᠰᠠᠭᠠᠳ ᠤᠴᠠᠷᠠᠬᠤ ᠡᠪᠡᠳᠴᠢᠨ ᠤ ᠪᠠᠶᠢᠳᠠᠯ ᠢ ᠡᠮᠨᠡᠵᠦ ᠳᠡᠶᠢᠯᠦᠨ᠎ᠠ ᠭᠡᠵᠦ ᠰᠤᠳᠤᠯᠭᠠᠨ ᠳᠤ ᠭᠡᠷᠡᠴᠢᠯᠡᠭᠰᠡᠨ ᠪᠠᠶᠢᠨ᠎ᠠ᠃ ᠳᠡᠶᠢᠮᠦ ᠠᠴᠠ ᠨᠠᠰᠤᠳᠠᠶᠢᠴᠤᠳ ᠡᠳᠦᠷ ᠲᠤ 2 ᠴᠠᠭ ᠤᠷᠴᠢᠮ ᠨᠠᠷᠠᠨ ᠳᠤ ᠡᠭᠡᠭᠡᠵᠦ᠂ ᠭᠠᠳᠠᠨ᠎ᠠ ᠭᠠᠷᠬᠤ ᠪᠤᠯᠤᠮᠵᠢ ᠦᠭᠡᠢ ᠴᠤ ᠭᠡᠰᠡᠨ ᠭᠡᠷ ᠢᠶᠠᠨ ᠭᠡᠷᠡᠯ ᠭᠡᠭᠡ ᠰᠠᠶᠢᠳᠠᠢ ᠪᠠᠶᠢᠯᠭᠠᠪᠠᠯ ᠵᠤᠬᠢᠨ᠎ᠠ ᠭᠡᠳᠡᠭ ᠰᠠᠨᠠᠭᠤᠯᠭ᠎ᠠ ᠦᠭᠭᠦᠶ᠎ᠠ᠃      ᠬᠦᠳᠡᠯᠭᠡᠭᠡᠨ ᠬᠢᠬᠦ ᠶᠢ ᠪᠠᠷᠢᠮᠳᠠᠯᠠᠪᠠᠯ ᠰᠠᠶᠢᠨ᠃ ᠭᠠᠷᠠᠭ ᠲᠤ 4 ᠤᠳᠠᠭ᠎ᠠ ᠭᠠᠳᠠᠨ᠎ᠠ ᠭᠠᠷᠴᠤ᠂ ᠰᠡᠯᠡᠭᠦᠴᠡᠨ ᠠᠯᠬᠤᠬᠤ ᠵᠡᠷᠭᠡ ᠶᠢᠨ ᠬᠦᠩᠭᠡᠨ ᠬᠦᠳᠡᠯᠭᠡᠭᠡᠨ ᠬᠢᠪᠡᠯ ᠵᠤᠬᠢᠨ᠎ᠠ᠃      ᠤᠷᠤᠨ ᠳᠠᠭᠠᠨ ᠤᠷᠤᠭᠠᠳ ᠨᠤᠮ ᠤᠩᠰᠢᠵᠤ ᠲᠧᠯᠧᠢᠰ ᠦᠵᠡᠵᠦ ᠪᠤᠯᠬᠤ ᠦᠭᠡᠢ᠃      ᠨᠦᠢᠷ ᠬᠦᠷᠦᠭᠡᠳ ᠤᠨᠳᠠᠮᠠᠷ ᠪᠤᠯᠪᠠᠯ ᠤᠷᠤᠨ ᠳᠠᠭᠠᠨ ᠤᠷᠤ᠂ ᠤᠷᠤᠨ ᠳᠠᠭᠠᠨ ᠤᠷᠤᠭᠠᠳ 20 ᠮᠢᠨᠦ᠋ᠲ ᠪᠤᠯᠤᠭᠰᠠᠨ ᠪᠠᠶᠢᠳᠠᠯ᠎ᠠ ᠪᠠᠰᠠ ᠤᠨᠳᠠᠵᠤ ᠳᠡᠶᠢᠯᠦᠭᠰᠡᠨ ᠦᠭᠡᠢ  ᠪᠠᠶᠢᠪᠠᠯ  ᠪᠤᠰᠴᠤ  ᠵᠠᠯᠬᠠᠭᠤ  ᠬᠦᠷᠦᠮᠡᠷ  ᠠᠵᠢᠯ  ᠭᠢᠵᠦ  ᠨᠦᠢᠷ  ᠬᠦᠷᠪᠠᠯ ᠤᠷᠤᠨ ᠳᠠᠭᠠᠨ ᠤᠷᠤᠭᠠᠷᠠᠢ᠃  
 
ᠢᠷᠡᠯᠲᠡ᠄ ᠠᠷᠠᠳ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号