ᠰᠢᠳᠤ ᠤᠬᠢᠶᠠᠬᠤ ᠪᠤᠯ ᠰᠢᠳᠤᠨ ᠲᠤᠭᠤᠷᠢᠨ ᠤ ᠡᠪᠡᠳᠴᠢᠨ ᠢ ᠰᠡᠷᠭᠡᠶᠢᠯᠡᠬᠦ  ᠬᠠᠮᠤᠭ ᠤᠨ ᠪᠦᠳᠤᠮᠵᠢᠳᠠᠢ ᠠᠷᠭ᠎ᠠ ᠪᠠᠶᠢᠵᠣ ᠰᠢᠳᠤ ᠤᠬᠢᠶᠠᠬᠤ ᠲᠤᠬᠠᠢ  ᠠᠳᠡᠬᠦᠤ ᠦᠢᠯᠠᠭᠠᠯᠳᠠ ᠶᠢ ᠠᠩᠬᠠᠷᠤᠯ ᠳᠠᠭᠠᠨ ᠠᠪᠤᠭᠠᠷᠠᠢ
ᠨᠡᠶᠢᠲᠡᠯᠡᠭᠰᠡᠨ ᠴᠠᠭ᠄
2018-12-07
     ᠰᠢᠳᠤ ᠤᠬᠢᠶᠠᠬᠤ ᠶᠢ ᠠᠨᠠᠭᠠᠬᠤ ᠤᠬᠠᠭᠠᠨ ᠤ ᠲᠤᠰᠬᠠᠢ ᠨᠡᠷ᠎ᠡ ᠲᠤᠮᠢᠶ᠎ᠠ ᠪᠠᠷ ᠠᠮᠠᠨ ᠬᠥᠨᠳᠡᠢ ᠴᠡᠪᠡᠷᠯᠡᠨ ᠵᠠᠰᠠᠬᠤ ᠠᠷᠭ᠎ᠠ ᠬᠡᠳᠡᠭ᠂ ᠴᠡᠪᠡᠷᠯᠡᠨ ᠵᠠᠰᠠᠬᠤ ᠪᠠᠶᠢᠷᠢ ᠶᠢ ᠦᠨᠳᠤᠰᠤᠯᠡᠨ ᠪᠤᠶᠢᠯᠠ ᠶᠢᠨ ᠲᠡᠭᠡᠳᠤ ᠬᠡᠰᠡᠭ ᠢ  ᠴᠡᠪᠡᠷᠯᠡᠨ ᠵᠠᠰᠠᠬᠤ ᠪᠠ ᠪᠤᠶᠢᠯᠠ ᠶᠢᠨ ᠲᠤᠤᠷᠡᠳᠤ ᠭᠡᠰᠡᠭ ᠢ ᠴᠡᠪᠡᠷᠯᠡᠨ ᠵᠠᠰᠠᠬᠤ ᠭᠡᠵᠤ ᠬᠤᠪᠢᠶᠠᠳᠠᠭ᠃ ᠪᠢᠳᠡᠨ ᠤ ᠶᠡᠷᠤ ᠳᠡᠭᠡᠨ ᠬᠡᠯᠡᠳᠡᠭ ᠪᠤᠶᠢᠯᠠ ᠶᠢᠨ ᠲᠡᠭᠡᠳᠤ ᠬᠡᠰᠡᠭ ᠢ ᠴᠡᠪᠡᠷᠯᠡᠨ ᠵᠠᠰᠠᠬᠤ ᠬᠡᠳᠡᠭ ᠨᠢ ᠬᠡᠳᠤ ᠲᠠᠭᠤᠨ ᠲᠦᠯᠬᠢᠶᠠᠨ ᠤ ᠲᠡᠭᠡᠳᠤ ᠲᠠᠪᠳᠠᠮᠵᠢ ᠶᠢᠨ ᠲᠤᠷᠬᠢᠯᠳᠠ ᠶᠢ ᠠᠰᠢᠭᠯᠠᠨ ᠰᠢᠳᠤᠨ ᠤ ᠬᠠᠭ ᠢ ᠭᠡᠮᠭᠡᠯᠡᠵᠤ᠂ ᠲᠠᠷᠠᠭ᠎ᠠ ᠨᠢ ᠰᠢᠳᠤᠨ ᠭᠠᠳᠠᠷᠭᠤ ᠶᠢ ᠤᠰᠤᠨ ᠮᠠᠨᠠᠨ ᠢᠶᠠᠷ ᠤᠬᠢᠶᠠᠨ ᠵᠠᠶᠢᠯᠠᠬᠤ   ᠶᠢ ᠵᠢᠭᠠᠵᠤ ᠪᠠᠶᠢᠨ᠎ᠠ︔ ᠪᠤᠶᠢᠯᠠ ᠶᠢᠨ ᠲᠤᠤᠷᠠᠳᠤ ᠬᠡᠰᠡᠭ ᠢ ᠴᠡᠪᠡᠷᠯᠡᠨ ᠵᠠᠰᠠᠬᠤ   ᠳᠠᠭᠠᠨ  ᠭᠤᠤᠯᠳᠠᠭᠤ  ᠪᠤᠶᠢᠯᠠ   ᠶᠢᠨ  ᠲᠤᠤᠷᠡᠳᠤ ᠬᠡᠰᠡᠭ ᠢ ᠬᠤᠰᠤᠨ ᠵᠠᠰᠠᠬᠤ ᠮᠠᠰᠢᠨ ᠢᠶᠠᠷ ᠪᠤᠶᠢᠯᠠ  ᠶᠢᠨ ᠬᠤᠪᠢᠯ ︵ᠪᠤᠶᠢᠯᠠ  ᠪᠠ  ᠰᠢᠳᠤᠨ   ᠤ  ᠬᠤᠭᠤᠷᠤᠨᠳᠤᠬᠢ  ᠬᠡᠰᠡᠭ︶   ᠢ ᠴᠡᠪᠡᠷᠯᠠᠨ ᠠᠷᠢᠯᠭᠠᠬᠤ ᠪᠠ ᠬᠤᠰᠤᠨ ᠵᠠᠰᠠᠨ᠎ᠠ᠃      ᠰᠢᠳᠤ ᠤᠬᠢᠶᠠᠬᠤ ᠠᠴᠠ ᠡᠮᠤᠨ᠎ᠠ  ᠡᠪᠡᠳᠴᠢᠳᠠᠨ   ᠤ  ᠬᠤᠪᠢ  ᠬᠥᠮᠤᠨ   ᠤ  ᠪᠠᠶᠢᠳᠠᠯ   ᠢ  ᠠᠩᠬᠠᠷᠬᠤ  ᠬᠡᠷᠡᠭᠳᠠᠢ᠂ ᠵᠢᠱᠢᠶᠡᠯᠡᠪᠡᠯ ᠴᠢᠰᠤᠨ ᠲᠠᠷᠤᠯᠳᠠ ᠦᠨᠳᠤᠷ᠂ ᠵᠢᠷᠤᠭᠡᠨ ᠡᠪᠡᠳᠴᠢᠨ  ᠵᠡᠷᠭᠡ  ᠰᠢᠰᠲ᠋ᠧᠮ   ᠤᠨ  ᠡᠪᠡᠳᠴᠢᠨ  ᠲᠠᠬᠤᠯ  ︵ᠡᠳᠡᠭᠡᠷ ᠪᠠᠶᠢᠳᠠᠯ ᠳᠤ ᠰᠢᠳᠤ ᠤᠬᠢᠶᠠᠬᠤ ᠨᠢ ᠴᠦᠮ ᠲᠤᠬᠢᠷᠠᠬᠤ ᠦᠭᠡᠢ︶   ᠲᠠᠢ  ᠡᠰᠡᠬᠦ᠂  ᠵᠢᠴᠢ  ᠡᠮ   ᠳᠤ  ᠬᠠᠷᠰᠢᠬᠤ  ᠪᠤᠶᠤ  ᠡᠮ ᠤᠤᠭᠤᠵᠤ ᠪᠠᠶᠢᠬᠤ ᠡᠰᠡᠬᠦ ᠵᠡᠷᠭᠡ᠃      ᠰᠢᠳᠤ ᠤᠬᠢᠶᠠᠬᠤ ᠦᠶ᠎ᠠ ᠳᠤ᠂ ᠹᠢᠽᠢᠺ ᠤᠨ ᠮᠧᠬᠠᠨᠢᠭ ᠤᠨ ᠦᠢᠯᠠᠳᠤᠯ ᠠᠴᠠ  ᠪᠤᠯᠵᠤ  ᠡᠪᠡᠳᠴᠢᠳᠠᠨ   ᠳᠤ  ᠰᠢᠳᠤ ᠰᠡᠷᠭᠡᠭ ᠪᠤᠯᠬᠤ᠂ ᠱᠠᠷᠬᠢᠷᠠᠵᠤ ᠡᠪᠡᠳᠬᠦ᠂ ᠪᠤᠶᠢᠯᠡ ᠠᠴᠠ ᠴᠢᠰᠤ ᠭᠠᠷᠬᠤ ᠵᠡᠷᠭᠡ ᠪᠠᠶᠢᠳᠠᠯ ᠡᠬᠦᠰᠳᠡᠭ᠂ ᠡᠳᠡᠭᠡᠷ  ᠨᠢ ᠴᠦᠮ  ᠶᠡᠷᠤ ᠶᠢᠨ ᠦᠵᠡᠭᠳᠡᠯ ᠮᠦᠨ ᠪᠤᠯᠬᠤᠷ ᠲᠡᠭᠡᠵᠤ ᠶᠡᠭᠡ ᠰᠠᠨᠠᠭ᠎ᠠ ᠵᠤᠪᠠᠭᠰᠠᠨ ᠤ  ᠬᠡᠷᠡᠭ  ᠦᠭᠡᠢ︔  ᠰᠢᠳᠤ  ᠱᠠᠷᠬᠢᠷᠠᠵᠤ  ᠡᠪᠡᠳᠤᠭᠡᠳ ᠲᠡᠰᠬᠦ ᠶᠢᠨ ᠠᠷᠭ᠎ᠠ ᠦᠭᠡᠢ ᠪᠠᠶᠢᠪᠠᠯ᠂ ᠰᠢᠳᠤ ᠤᠬᠢᠶᠠᠬᠤ ᠶᠢ ᠲᠦᠷ ᠵᠤᠬᠰᠤᠭᠠᠵᠤ᠂ ᠪᠠᠭ᠋ᠠᠨ ᠠᠮᠤᠰᠬᠢᠵᠤ ᠪᠤᠯᠤᠨ᠎ᠠ᠃       ᠰᠢᠳᠤ ᠤᠬᠢᠶᠠᠭᠰᠠᠨ ᠤ ᠲᠠᠷᠠᠭ᠎ᠠ ᠠᠷᠢᠬᠢ ︵ᠵᠢᠱᠢᠶᠡᠯᠡᠪᠡᠯ ᠤᠯᠠᠭᠠᠨ ᠠᠷᠢᠬᠢ︶  ᠲᠡᠮᠡᠬᠢ  ᠵᠢᠴᠢ  ᠰᠢᠳᠤ   ᠶᠢ  ᠪᠤᠳᠤᠭ ᠤᠷᠤᠭᠤᠯᠬᠤ ᠤᠮᠳᠠᠭᠠᠨ ︵ᠵᠢᠱᠢᠶᠡᠯᠡᠪᠡᠯ ᠺᠤᠹᠧ᠂ ᠵᠦᠷᠵᠢ ᠶᠢᠨ ᠰᠢᠬᠦᠰᠤ︶ ᠪᠤᠶᠤ ᠬᠡᠳᠤᠷᠭᠡᠢ ᠭᠤᠱᠤᠭᠤᠨ᠂ ᠢᠰᠬᠦᠯᠡᠩ ᠢᠳᠡᠭᠡᠨ ᠢ ᠴᠡᠭᠡᠷᠯᠡᠬᠦ ᠬᠡᠷᠡᠭᠳᠠᠢ᠂ ᠪᠡᠶ᠎ᠡ ᠮᠠᠬᠠᠪᠤᠳ ᠰᠡᠷᠭᠡᠭ ᠵᠠᠷᠢᠮ ᠬᠥᠮᠤᠰ ᠨᠢ ᠤᠬᠤᠷ  ᠬᠤᠭᠤᠴᠠᠭᠠᠨ   ᠳᠤ  ᠬᠥᠢᠳᠡᠨ᠂  ᠬᠠᠯᠠᠭᠤᠨ᠂ ᠢᠰᠬᠦᠯᠡᠩ᠂ ᠰᠢᠬᠢᠷᠯᠢᠭ ᠵᠡᠷᠭᠡ ᠶᠢᠨ ᠰᠡᠳᠡᠯᠳᠡ ᠳᠤ ᠵᠤᠬᠢᠴᠠᠬᠤ ᠦᠭᠡᠢ ᠦᠵᠡᠭᠳᠡᠯ  ᠭᠠᠷᠬᠤ  ᠮᠠᠭᠠᠳ  ᠦᠭᠡᠢ᠂  ᠡᠨᠡ  ᠪᠤᠯ ᠪᠤᠳᠠᠭᠠᠯᠢ ᠪᠡᠶ᠎ᠡ ᠶᠢᠨ ᠬᠡᠪ ᠤᠨ ᠲᠤᠰᠬᠠᠯ ᠪᠤᠯᠤᠨ᠎ᠠ᠃       ᠶᠡᠷᠤ ᠳᠡᠭᠡᠨ ᠬᠠᠭᠠᠰ ᠵᠢᠯ ᠳᠤ ᠨᠢᠭᠡ ᠤᠳᠠᠭ᠎ᠠ ᠰᠢᠳᠤ ᠤᠬᠢᠶᠠᠵᠤ᠂ ᠰᠢᠳᠤᠨ ᠲᠤᠭᠤᠷᠢᠨ   ᠤ  ᠡᠷᠡᠬᠦᠯ  ᠴᠢᠬᠢᠷᠠᠭ   ᠢ ᠬᠠᠮᠠᠭᠠᠯᠠᠪᠠᠯ ᠵᠤᠬᠢᠨ᠎ᠠ᠃ ᠡᠬᠦᠨ ᠠᠴᠠ ᠭᠠᠳᠠᠨ᠎ᠠ᠂ ᠰᠢᠳᠤ ᠤᠬᠢᠶᠠᠬᠤ ᠲᠤᠬᠠᠢ ᠲᠤᠤᠷᠡᠬᠢ ᠠᠳᠡᠬᠦᠤ ᠦᠢᠯᠠᠭᠠᠯᠳᠠ ᠶᠢ  ᠮᠡᠳᠡᠵᠤ ᠠᠪᠤᠪᠠᠯ ᠵᠤᠬᠢᠨ᠎ᠠ᠄         1. ᠰᠢᠳᠤ ᠤᠬᠢᠶᠠᠪᠠᠯ ᠰᠢᠳᠤ ᠶᠢ ᠭᠡᠮᠳᠤᠭᠡᠵᠤ᠂ ᠰᠢᠳᠤ ᠶᠢ ᠡᠯᠡᠭᠳᠡᠬᠦᠯᠳᠡᠭ᠃       ᠰᠢᠳᠤᠨ ᠤ ᠭᠠᠳᠠᠷᠭᠤ ᠳᠤ ᠰᠢᠳᠤᠨ ᠤ ᠫᠠᠯᠠᠨ ᠡᠳ᠋ ᠭᠡᠳᠡᠭ ᠲᠡᠭᠡᠳᠤ ᠭᠡᠮᠵᠢᠶ᠎ᠠ ᠪᠠᠷ ᠺᠠᠯᠼᠵᠢᠬᠰᠠᠨ  ᠨᠢᠭᠡᠨ  ᠲᠠᠪᠬᠤᠷ ᠨᠡᠭᠡᠳᠡᠰᠤ ᠪᠠᠶᠢᠳᠠᠭ᠂ ᠲᠡᠷᠡ ᠨᠢ ᠪᠠᠶᠢᠭᠠᠯᠢ ᠶᠢᠨ ᠠᠯᠮᠠᠰ ᠰᠢᠭ᠋ ᠬᠠᠪ ᠬᠠᠳᠠᠭᠤ  ᠪᠠᠶᠢᠳᠠᠭ᠃  ᠰᠢᠳᠤ  ᠤᠬᠢᠶᠠᠬᠤ  ᠪᠤᠯ  ᠬᠡᠳᠤ ᠲᠠᠭᠤᠨ ᠲᠦᠯᠬᠢᠶᠠᠨ ᠤ ᠲᠤᠷᠬᠢᠯᠳᠠ ᠶᠢᠨ ᠤᠭ ᠶᠤᠰᠤ ᠶᠢ ᠠᠰᠢᠭᠯᠠᠨ ᠰᠢᠳᠤᠨ ᠭᠠᠳᠠᠷᠭᠤ   ᠶᠢᠨ  ᠴᠢᠯᠠᠭᠤᠵᠢᠭᠰᠠᠨ  ᠬᠡᠰᠡᠭ   ᠢ ᠲᠤᠷᠬᠢᠭᠤᠯᠵᠤ ᠤᠨᠠᠭᠠᠳᠠᠭ᠂ ᠡᠶᠢᠮᠤ ᠠᠴᠠ ᠡᠩ ᠤᠨ ᠰᠢᠳᠤ ᠤᠬᠢᠶᠠᠬᠤ ᠶᠠᠪᠤᠳᠠᠯ  ᠨᠢ ᠰᠢᠳᠤ   ᠶᠢ  ᠡᠯᠡᠭᠳᠡᠬᠦᠯᠵᠤ  ᠭᠡᠮᠳᠤᠭᠡᠳᠡᠭ ᠦᠭᠡᠢ ᠶᠤᠮ᠃        2. ᠰᠢᠳᠤ ᠤᠬᠢᠶᠠᠭᠰᠠᠨ ᠤ ᠲᠠᠷᠠᠭ᠎ᠠ ᠰᠢᠳᠤ ᠤᠷᠳᠤ ᠪᠤᠯᠬᠤ ᠪᠠ ᠰᠤᠯᠠᠷᠠᠳᠠᠭ᠃        ᠰᠢᠳᠤ ᠤᠬᠢᠶᠠᠬᠤ ᠨᠢ ᠰᠢᠳᠤᠨ ᠲᠡᠭᠡᠷᠡᠬᠢ ᠴᠢᠯᠠᠭᠤᠵᠢᠬᠰᠠᠨ ᠬᠡᠰᠡᠭ ᠢ ᠠᠷᠢᠯᠭᠠᠬᠤ ᠶᠢᠨ ᠤᠯᠠᠮ   ᠠᠴᠠ  ᠰᠢᠳᠤᠨ   ᠤ ᠴᠢᠯᠠᠭᠤᠵᠢᠬᠰᠠᠨ ᠬᠡᠰᠡᠭ ᠲᠤ ᠲᠠᠷᠤᠬᠳᠠᠵᠤ ᠪᠠᠶᠢᠬᠰᠠᠨ ᠰᠢᠳᠤ ᠨᠢ ᠢᠯᠡᠷᠡᠨ ᠭᠠᠷᠳᠠᠭ᠂  ᠢᠩᠬᠢᠪᠡᠯ  ᠰᠢᠳᠤᠨ   ᠤ  ᠵᠠᠪᠰᠠᠷ   ᠨᠢ ᠰᠢᠳᠤ ᠤᠬᠢᠶᠠᠬᠤ ᠠᠴᠠ ᠡᠮᠤᠨᠡᠬᠢ ᠠᠴᠠ ᠨᠡᠩ ᠶᠡᠭᠡ ᠰᠢᠭ ᠬᠠᠷᠠᠭᠳᠠᠳᠠᠭ᠂ ᠡᠨᠡ ᠨᠢ ᠭᠤᠤᠯᠳᠠᠭᠤ ᠪᠤᠶᠢᠯᠡ ᠬᠠᠪᠤᠳᠬᠤ  ᠦᠭᠡᠢ ᠪᠤᠯᠵᠤ᠂ ᠰᠢᠳᠤᠨ ᠲᠤᠭᠤᠷᠢᠨ ᠤ ᠨᠡᠭᠡᠳᠡᠰᠤ ᠶᠢᠨ ᠦᠷᠪᠢᠰᠤᠯ ᠤᠨ ᠰᠡᠳᠡᠯᠳᠡ ᠶᠢ ᠠᠷᠢᠯᠭᠠᠭᠰᠠᠨ ᠠᠴᠠ ᠪᠤᠯᠤᠭᠰᠠᠨ ᠶᠤᠮ᠃                3. ᠰᠢᠳᠤ ᠤᠬᠢᠶᠠᠬᠤ ᠨᠢ ᠰᠢᠳᠤ ᠶᠢ ᠴᠠᠭᠠᠨ ᠪᠤᠯᠭᠠᠬᠤ ᠦᠢᠯᠡᠳᠤᠯ ᠲᠠᠢ᠃      ᠰᠢᠳᠤ ᠤᠬᠢᠶᠠᠬᠤ ᠨᠢ ᠵᠦᠪᠭᠡᠨ ᠰᠢᠳᠤᠨ ᠤ ᠭᠠᠳᠠᠷᠭᠤ ᠶᠢᠨ  ᠰᠢᠳᠤᠨ   ᠤ  ᠵᠢᠪᠠ᠂  ᠪᠠᠺᠲ᠋ᠧᠷᠢᠳᠤ  ᠲᠤᠯᠪᠤ  ᠪᠤᠯᠤᠨ ᠴᠢᠯᠠᠭᠤᠵᠢᠬᠰᠠᠨ ᠬᠡᠰᠡᠭ ᠢ ᠠᠷᠢᠯᠭᠠᠳᠠᠭ᠂ ᠬᠡᠳᠡᠯ᠎ᠠ ᠰᠢᠳᠤᠨ ᠤ ᠦᠩᠭᠡ ᠨᠢ ᠬᠠᠷᠢᠨ ᠰᠢᠳᠤᠨ ᠤ  ᠡᠳ᠋  ᠬᠢᠭᠡᠳ  ᠰᠢᠳᠤᠨ   ᠤ ᠫᠠᠯᠠᠨ ᠡᠳ᠋ ᠢᠶᠠᠷ ᠲᠤᠬᠳᠠᠭᠠᠭᠳᠠᠳᠠᠭ᠃ ᠡᠶᠢᠮᠤ ᠠᠴᠠ ᠰᠢᠳᠤ ᠤᠬᠢᠶᠠᠬᠤ ᠨᠢ ᠰᠢᠳᠤ ᠶᠢ ᠴᠠᠭᠠᠨ ᠪᠤᠯᠭᠠᠬᠤ  ᠦᠢᠯᠡᠳᠤᠯ  ᠦᠭᠡᠢ ᠶᠤᠮ᠂ ᠲᠡᠷᠡ ᠨᠢ ᠵᠦᠪᠭᠡᠨ ᠰᠢᠳᠤᠨ ᠤ ᠤᠤᠯ ᠤᠨ ᠦᠩᠭᠡ ᠶᠢ ᠢᠯᠡᠷᠡᠬᠦᠯᠤᠨ ᠭᠠᠷᠭᠠᠬᠤ ᠲᠡᠳᠤᠢ ᠶᠤᠮ
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号