1. ᠦᠶᠡᠴᠢᠯᠡᠨ ᠣᠩᠰᠢᠬᠤ ︵ᠦᠶᠡᠴᠢᠯᠡᠭᠰᠡᠨ ᠣᠩᠰᠢᠯᠭ᠎ᠠ︶ ᠪᠠᠰᠠ ᠪᠠᠰᠠ ᠦᠰᠦᠭᠴᠢᠯᠡᠨ ᠣᠩᠰᠢᠬᠤ ᠭᠡᠳᠡᠭ ︵ | 2000 ᠣᠨ ᠤ ᠬᠢᠴᠢᠶᠡᠯ ᠤᠨ ᠪᠠᠷᠢᠮᠵᠢᠶ᠎ᠠ︶ | ᠳᠠᠷᠣᠢ ᠦᠬᠡ ᠶᠢ ᠨᠢᠬᠡ ᠨᠢᠬᠡ ᠦᠶ᠎ᠡ ᠪᠠᠷ ᠰᠠᠯᠭᠠᠵᠣ᠂ ᠳᠠᠭᠤᠳᠠᠢ ᠣᠩᠰᠢᠬᠤ ᠶᠢ ᠬᠡᠯᠡᠨ᠎ᠡ᠃ | ᠠᠩᠬᠠᠷ᠄ ᠠᠩᠬᠠᠨ ᠤ ᠣᠩᠰᠢᠯᠭ᠎ᠠ ᠪᠢᠰᠢ︕ | 1 —2 ᠣᠨ ᠳᠤ ᠬᠦᠢᠴᠡᠳᠭᠡᠨ᠎ᠡ᠃ | 2.ᠦᠬᠡᠴᠢᠯᠡᠨ ᠣᠩᠰᠢᠬᠤ ︵ᠦᠬᠡᠴᠢᠯᠡᠭᠰᠡᠨ ᠣᠩᠰᠢᠯᠭ᠎ᠠ︶ | ᠳᠠᠷᠣᠢ ᠦᠬᠡ ᠶᠢ ᠶᠠᠷᠢᠶᠠᠨ ᠤ ᠳᠠᠭᠤᠳᠠᠯᠭ᠎ᠠ ᠪᠠᠷ ᠳᠠᠭᠤᠳᠠᠢ ᠣᠩᠰᠢᠬᠤ ᠶᠢ ᠬᠡᠯᠡᠨ᠎ᠡ᠃ | 3 —4 ᠣᠨ ᠳᠤ ᠬᠦᠢᠴᠡᠳᠭᠡᠨ᠎ᠡ᠃ | ᠱᠠᠭᠠᠷᠳᠠᠯᠭ᠎ᠠ ᠨᠢ ᠵᠦᠪ ᠳᠣᠳᠣ᠂ ᠪᠣᠯᠪᠠᠰᠣᠷᠠᠩᠭᠤᠢ | 3. ᠳᠠᠭᠤᠳᠠᠢ ᠣᠩᠰᠢᠬᠤ ᠪᠠ ᠳᠠᠭᠤ ᠦᠬᠡᠢ ᠣᠩᠰᠢᠬᠤ | ᠳᠠᠭᠤᠳᠠᠢ ᠣᠩᠰᠢᠯᠭ᠎ᠠ ᠪᠣᠯ ᠣᠷᠠᠨ ᠳᠣᠳᠣ ᠣᠩᠰᠢᠯᠭ᠎ᠠ | ᠱᠠᠭᠠᠷᠳᠠᠯᠭ᠎ᠠ ᠨᠢ ᠮᠢᠨᠦᠲ ᠪᠦᠷᠢ 200 —400 ᠦᠬᠡ ᠣᠩᠰᠢᠨ᠎ᠠ | ᠳᠠᠭᠤ ᠦᠬᠡᠢ ᠣᠩᠰᠢᠯᠭ᠎ᠠ ᠪᠣᠯ ᠨᠢᠬᠡ ᠵᠦᠢᠯ ᠤᠨ ᠬᠡᠷᠡᠭᠯᠡᠭᠡᠨ ᠤ ᠦᠷᠳᠡᠭ ᠪᠦᠬᠦᠢ ᠣᠩᠰᠢᠯᠭ᠎ᠠ ᠶᠢᠨ ᠠᠷᠭ᠎ᠠ ᠬᠡᠯᠪᠡᠷᠢ | ᠪᠣᠯᠣᠨ᠎ᠠ᠃ ᠪᠠᠰᠠ ᠨᠢᠳᠦᠯᠡᠨ ᠣᠩᠰᠢᠬᠤ ᠭᠡᠳᠡᠭ᠃ | 4. ᠳᠣᠶᠢᠮᠣᠯᠠᠨ ᠣᠩᠰᠢᠬᠤ | ᠣᠩᠰᠢᠬᠤ ᠪᠢᠴᠢᠭ ᠪᠣᠶᠣ ᠵᠣᠬᠢᠶᠠᠯ ᠢ ᠳᠦᠷᠭᠡᠪᠳᠦᠷ ᠪᠦᠳᠦᠬᠦᠪᠴᠢ ᠪᠠᠷ ᠣᠩᠰᠢᠵᠣ ᠶᠡᠭᠡ ᠳᠦᠯᠦᠪ ᠰᠠᠭᠤᠭᠳᠠᠯ ᠲᠠᠢ | ᠪᠣᠯᠬᠤ ᠣᠩᠰᠢᠯᠭ᠎ᠠ ᠶᠢ ᠬᠡᠯᠡᠨ᠎ᠡ᠃ | 5. ᠬᠠᠶᠢᠨ ᠣᠩᠰᠢᠬᠤ | ᠬᠡᠷᠡᠭᠴᠡᠭᠡ ᠲᠠᠢ ᠮᠠᠲ᠋ᠧᠷᠢᠶᠠᠯ ᠢᠶᠠᠨ ᠡᠷᠢᠵᠦ ᠬᠠᠶᠢᠬᠤ ᠵᠣᠷᠢᠯᠭ᠎ᠠ ᠲᠠᠢ ᠶᠡᠭᠡ ᠳᠦᠯᠦᠪ ᠣᠩᠰᠢᠬᠤ ᠶᠢ ᠬᠡᠯᠡᠨ᠎ᠡ᠃ | 6. ᠨᠠᠷᠢᠪᠴᠢᠯᠠᠨ ᠣᠩᠰᠢᠬᠤ | ᠨᠠᠷᠢᠯᠢᠭ᠂ ᠳᠠᠭᠤ ᠦᠬᠡᠢ ᠪᠠᠷ ᠣᠩᠰᠢᠬᠤ ᠬᠡᠯᠪᠡᠷᠢ ᠪᠣᠯᠣᠨ᠎ᠠ᠃ ᠳᠠᠷᠣᠢ ᠦᠬᠡ ᠦᠰᠦᠭ᠂ ᠦᠬᠦᠯᠡᠪᠦᠷᠢ᠂ ᠬᠡᠰᠡᠭ | ᠪᠦᠯᠦᠭ ᠢ ᠨᠠᠷᠢᠯᠢᠭ ᠣᠩᠰᠢᠬᠤ ᠶᠢᠨ ᠬᠠᠮᠳᠣ᠂ ᠣᠷᠣᠰᠢᠯ᠂ ᠰᠠᠨᠠᠭᠤᠯᠣᠮᠵᠢ᠂ ᠵᠡᠬᠦᠯᠳᠡ᠂ ᠳᠠᠭᠠᠯᠳᠣᠭᠤᠯᠣᠯ ᠢ ᠴᠦᠮ | ᠨᠢᠮᠪᠠᠢ ᠣᠩᠰᠢᠬᠤ ᠱᠠᠭᠠᠷᠳᠠᠯᠭ᠎ᠠ ᠲᠠᠢ | 7. ᠬᠦᠶᠦᠯᠬᠡᠨ ᠣᠩᠰᠢᠬᠤ | ᠬᠡᠷᠡᠭᠴᠡᠭᠡ ᠪᠦᠬᠦᠢ ᠮᠡᠳᠡᠯᠬᠡ ᠪᠠᠨ ᠣᠬᠤᠷᠬᠠᠨ ᠴᠠᠭ ᠤᠨ ᠳᠣᠳᠣᠷ᠎ᠠ ᠣᠯᠵᠣ ᠠᠪᠬᠤ ᠣᠩᠰᠢᠯᠭ᠎ᠠ ᠶᠢᠨ ᠬᠡᠯᠪᠡᠷᠢ | ᠪᠣᠯᠣᠨ᠎ᠠ᠃ | ᠱᠠᠭᠠᠷᠳᠠᠯᠭ᠎ᠠ᠄ ᠮᠢᠨᠦᠲ ᠪᠦᠷᠢ ᠪᠠᠷᠤᠭ 400 ᠠᠴᠠ ᠳᠡᠭᠡᠭᠰᠢ ᠦᠬᠡ ᠶᠢ ᠣᠩᠰᠢᠨ᠎ᠠ᠃ | 8. ᠣᠶᠠᠩᠭᠠᠯᠠᠨ ᠣᠩᠰᠢᠬᠤ | ᠣᠶᠠᠩᠭᠠᠯᠠᠨ ᠣᠩᠰᠢᠬᠤ ᠪᠣᠯ ᠰᠡᠳᠬᠢᠯᠬᠡ᠂ ᠬᠠᠷᠠᠴᠠ᠂ ᠠᠮᠠ᠂ ᠴᠢᠬᠢ ᠵᠡᠷᠭᠡ ᠰᠡᠷᠡᠯ ᠤᠨ ᠡᠷᠬᠡᠳᠡᠨ ᠬᠠᠮᠵᠢᠨ | ᠣᠷᠣᠯᠴᠠᠬᠤ ᠳᠡᠭᠡᠳᠦ ᠵᠡᠷᠭᠡ ᠶᠢᠨ ᠣᠷᠠᠨ ᠳᠣᠳᠣ ᠣᠩᠰᠢᠯᠭ᠎ᠠ ᠶᠢᠨ ᠬᠡᠯᠪᠡᠷᠢ ᠪᠣᠯᠣᠨ᠎ᠠ᠃ | 9. ᠠᠮᠳᠠᠷᠬᠠᠨ ᠣᠩᠰᠢᠬᠤ | ᠣᠩᠰᠢᠵᠣ ᠣᠶᠢᠯᠠᠭᠠᠭᠰᠠᠨ ᠰᠠᠭᠤᠷᠢᠨ ᠳᠡᠬᠡᠷ᠎ᠡ ᠳᠠᠬᠢᠨ ᠳᠠᠪᠳᠠᠨ ᠰᠣᠨᠢᠷᠬᠠᠨ ᠣᠩᠰᠢᠬᠤ ᠶᠢ ᠬᠡᠯᠡᠨ᠎ᠡ᠃ ᠳᠡᠭᠡᠳᠦ | ᠵᠡᠷᠭᠡ ᠶᠢᠨ ᠣᠩᠰᠢᠯᠭ᠎ᠠ ᠳᠤ ᠪᠠᠭᠳᠠᠨ᠎ᠠ᠃ ᠣᠩᠰᠢᠯᠭ᠎ᠠ ᠶᠢᠨ ᠬᠦᠨᠵᠡᠬᠡᠶᠢᠷᠡᠯ ᠪᠠ ᠳᠡᠭᠡᠭᠰᠢᠯᠡᠯ ᠪᠣᠯᠣᠨ᠎ᠠ᠃ | 10᠂ ᠴᠦᠯᠪᠡᠨ ᠣᠩᠰᠢᠬᠤ | ᠣᠯᠠᠨ ᠵᠦᠢᠯ ᠤᠨ ᠠᠳᠠᠯᠢᠪᠳᠣᠷ ᠰᠣᠷᠠᠭ ᠵᠠᠩᠬᠢ ᠪᠦᠬᠦᠢ ᠮᠡᠳᠡᠯᠬᠡ ᠶᠢ ᠡᠷᠢᠵᠦ ᠣᠩᠰᠢᠬᠤ ᠬᠡᠯᠪᠡᠷᠢ ᠪᠣᠯᠣᠨ᠎ᠠ᠃ | ᠡᠬᠦᠨ ᠳᠤ ᠠᠳᠠᠯᠢᠳᠬᠠᠬᠤ᠂ ᠰᠡᠵᠢᠭᠯᠡᠬᠦ᠂ ᠮᠠᠭᠠᠳᠯᠠᠬᠤ᠂ ᠢᠯᠭᠠᠬᠤ ᠵᠡᠷᠭᠡ ᠴᠢᠳᠠᠪᠣᠷᠢ ᠱᠠᠭᠠᠷᠳᠠᠳᠠᠭ᠃ ᠳᠡᠭᠡᠳᠦ | ᠳᠡᠰ ᠤᠨ ᠣᠩᠰᠢᠯᠭ᠎ᠠ ᠶᠢᠨ ᠬᠡᠯᠪᠡᠷᠢ ᠪᠣᠯᠣᠨ᠎ᠠ᠃ |