⒈ ᠢᠰᠫᠠᠨᠢ | 13 ᠤ ᠡᠳᠦᠷ ᠮᠢᠬᠮᠠᠷ ᠭᠠᠷᠠᠭ ︵ᠭᠠᠷᠠᠭ ᠤᠨ ᠬᠤᠶᠠᠷ︶ ᠳᠠᠭᠠᠷᠠᠪᠠᠯ ᠮᠠᠭᠤ ᠳᠤ ᠳᠤᠭᠠᠴᠠᠭᠳᠠᠳᠠᠭ᠃ ᠮᠢᠬᠮᠠᠷ | ᠭᠠᠷᠠᠭ ︵ᠭᠠᠷᠠᠭ ᠤᠨ ᠬᠤᠶᠠᠷ︶ ᠢ ᠢᠰᠫᠠᠨᠢ ᠪᠠᠷ ︽ᠮᠠᠷᠲ᠋ᠧᠰ︾ ᠪᠤᠶᠤ ᠠᠩᠭᠠᠷᠠᠭ ᠭᠠᠷᠠᠭ ︵ᠭᠠᠷᠠᠭ ᠤᠨ ᠬᠤᠶᠠᠷ︶ | ᠭᠡᠵᠦ ᠨᠡᠷᠡᠯᠡᠳᠡᠭ᠃ ᠳᠤᠮᠳᠠᠳᠤ ᠵᠠᠭᠤᠨ ᠳᠤ ᠮᠢᠬᠮᠠᠷ ᠭᠠᠷᠠᠭ ︵ᠭᠠᠷᠠᠭ ᠤᠨ ᠬᠤᠶᠠᠷ︶ ᠤᠳ ᠢ ︽ᠪᠢᠴᠢᠬᠠᠨ | ᠴᠢᠳᠭᠦᠷ︾ ᠭᠡᠳᠡᠭ ᠪᠠᠶᠢᠭᠰᠠᠨ ᠠᠵᠠᠢ᠃ | ⒉ ᠬᠢᠳᠡᠳ | ᠬᠢᠳᠡᠳ ᠤᠳ ᠳᠥᠷᠪᠡ ᠶᠢᠨ ᠲᠤᠭ᠎ᠠ ᠶᠢ ᠦᠭᠦᠯ ᠬᠡᠰᠡᠨ ᠦᠭᠡ ᠲᠠᠢ ᠤᠶᠢᠷᠠᠯᠴᠠᠭ᠎ᠠ ᠰᠤᠨᠤᠰᠳᠠᠳᠠᠭ ᠠᠴᠠ ᠨᠢ | ᠪᠤᠯᠤᠭᠠᠳ ᠦᠵᠡᠳᠡᠭ ᠦᠭᠡᠢ ᠬᠡᠨ᠎ᠡ᠃ ᠵᠠᠷᠢᠮ ᠪᠠᠷᠢᠯᠭ᠎ᠠ ᠨᠤᠭᠤᠳ ᠲᠤ ᠳᠥᠷᠪᠡᠨ ᠳᠠᠪᠬᠤᠷ ᠭᠡᠵᠦ ᠪᠠᠶᠢᠳᠠᠭ ᠦᠭᠡᠢ | ᠪᠠᠶᠢᠨ᠎ᠠ᠃ ᠮᠥᠨ 13᠂ 14 ᠤ ᠲᠤᠭ᠎ᠠ ᠴᠦ ᠪᠠᠰᠠ ᠦᠵᠡᠳᠡᠭ ᠦᠭᠡᠢ ᠪᠤᠯᠤᠯᠳᠠᠢ᠃ | ⒊ ᠶᠧᠵᠢᠫᠲ | ᠰᠢᠷ᠎ᠠ ᠰᠢᠪᠠᠭᠤ ᠠᠵᠠ ᠦᠭᠡᠶᠢᠳᠡᠯ ᠢ ᠳᠠᠭᠤᠳᠠᠳᠠᠭ ᠬᠡᠮᠡᠨ ᠳᠤᠷ᠎ᠠ ᠦᠭᠡᠢ ᠪᠠᠶᠢᠳᠠᠭ ᠠᠵᠠᠢ᠃ | ⒋ ᠤᠷᠤᠰ | ᠬᠤᠭᠤᠰᠤᠨ ᠬᠤᠪᠤᠩ ᠪᠠᠷᠢᠵᠤ ᠶᠠᠪᠤᠬᠤ ᠶᠤᠮ ᠤᠤ ᠬᠤᠭᠤᠰᠤᠨ ᠬᠤᠪᠤᠩ ᠪᠠᠷᠢᠵᠤ ᠶᠠᠪᠤᠭ᠎ᠠ ᠬᠥᠮᠥᠨ ᠢ ᠬᠠᠷᠠᠬᠤ | ᠶᠤᠮ ᠪᠤᠯ ᠮᠠᠭᠤ ᠢᠷᠸ᠎ᠠ ᠭᠡᠵᠦ ᠦᠵᠡᠳᠡᠭ᠃ ᠬᠤᠭᠤᠰᠤᠨ ᠬᠤᠪᠤᠩ ᠲᠠᠢ ᠬᠥᠮᠥᠨ ᠠᠯᠧᠺᠰᠠᠨᠳᠧᠷ ᠬᠠᠭᠠᠨ ᠢ | ᠠᠯᠠᠭᠰᠠᠨ ᠠᠴᠠ ᠡᠶᠢᠨ ᠬᠦ ᠦᠵᠡᠳᠡᠭ ᠪᠤᠯᠤᠭᠰᠠᠨ ᠪᠠᠶᠢᠨ᠎ᠠ᠃ | ⒌ ᠷᠦᠸᠠᠨᠳᠠ | ᠡᠮᠡᠭᠲᠡᠶᠢᠴᠤᠳ ᠢ ᠢᠮᠠᠭᠠᠨ ᠤ ᠮᠢᠬ᠎ᠠ ᠢᠳᠡᠪᠡᠯ ᠨᠢᠭᠤᠷ ᠲᠤ ᠪᠠᠨ ᠦᠰᠦ ᠲᠠᠢ ᠪᠤᠯᠤᠨ᠎ᠠ ᠭᠡᠵᠦ ᠢᠳᠡᠭᠡᠳᠡᠭ ᠪᠠᠶᠢᠨ᠎ᠠ᠃ | | ⒍ ᠹᠢᠨᠯᠠᠨᠳ᠋ | ᠠᠭᠠᠯᠵᠢ ᠠᠯᠠᠪᠠᠯ ᠮᠠᠷᠭᠠᠰᠢ ᠨᠢ ᠪᠤᠷᠤᠭ᠎ᠠ ᠤᠷᠤᠨ᠎ᠠ ᠭᠡᠵᠦ ᠢᠳᠡᠭᠡᠳᠡᠭ᠃ | ⒎ ᠰᠧᠨᠧᠭᠠᠯ | ᠠᠶᠠᠯᠠᠬᠤ ᠭᠡᠵᠦ ᠪᠠᠶᠢᠭ᠎ᠠ ᠪᠤᠯ ᠬᠡᠨ ᠳᠤ ᠴᠦ ᠮᠡᠳᠡᠭᠳᠡᠭᠦ ᠬᠡᠷᠡᠭ ᠦᠭᠡᠢ ᠬᠡᠨ᠎ᠡ᠃ ᠮᠡᠳᠡᠭᠳᠡᠪᠡᠯ ᠦᠢᠯᠡᠰ ᠪᠦᠲᠦᠭᠦ | ᠦᠭᠡᠢ ᠭᠡᠵᠦ ᠦᠵᠡᠳᠡᠭ ᠠᠴᠠ ᠲᠡᠷᠡ ᠠᠵᠠᠢ᠃ | ⒏ ᠮᠠᠯᠠᠶᠢᠰᠢᠶ᠎ᠠ | ᠲᠡᠷᠡ ᠲᠡᠭᠡᠷ᠎ᠡ ᠰᠠᠭᠤᠪᠠᠯ ᠨᠢᠷᠤᠭᠤ᠂ ᠪᠦᠭᠰᠡᠨ ᠲᠡᠭᠡᠷ᠎ᠡ ᠴᠢᠨᠢ ᠴᠥᠪᠤᠷᠢᠭᠦᠦ ᠡᠭᠦᠰᠴᠤ᠂ ᠶᠠᠭᠤᠮ᠎ᠠ ᠭᠠᠷᠤᠨ᠎ᠠ ᠭᠡᠵᠦ | ᠢᠳᠡᠭᠡᠳᠡᠭ ᠪᠠᠶᠢᠨ᠎ᠠ᠃ | ⒐ ᠹᠷᠠᠨᠼᠢ | ᠵᠡᠭᠦᠨ ᠬᠦᠯ ᠢᠶᠠᠷ ᠢᠶᠠᠨ ᠨᠤᠬᠠᠢ ᠶᠢᠨ ᠪᠠᠭᠠᠰᠤᠨ ᠲᠡᠭᠡᠷ᠎ᠡ ᠬᠢᠰᠭᠢᠪᠡᠯ ᠠᠵᠠ ᠲᠠᠢ ᠪᠠᠶᠢᠨ᠎ᠠ ᠭᠡᠵᠦ ᠦᠵᠡᠳᠡᠭ ᠪᠤᠯ | ᠪᠠᠷᠠᠭᠤᠨ ᠬᠦᠯ ᠢᠶᠠᠷ ᠢᠶᠠᠨ ᠬᠢᠰᠭᠢᠪᠡᠯ ᠦᠢᠯᠡᠰ ᠪᠦᠲᠦᠭᠦ ᠦᠭᠡᠢ ᠭᠡᠵᠦ ᠦᠵᠡᠳᠡᠭ ᠪᠠᠶᠢᠨ᠎ᠠ᠃ | ⒑ ᠲᠦᠷᠺ | ᠰᠥᠨᠢ ᠤᠷᠤᠢ ᠶᠢᠨ ᠴᠠᠭ ᠢᠶᠠᠷ ᠪᠤᠬᠢ ᠵᠠᠵᠢᠯᠠᠪᠠᠯ ᠦᠢᠯᠡᠰ ᠪᠦᠲᠦᠭᠦ ᠦᠭᠡᠢ ᠭᠡᠵᠦ ᠢᠳᠡᠭᠡᠳᠡᠭ ᠭᠡᠨ᠎ᠡ ᠰᠢᠦ᠃ | | ⒒ ᠭᠧᠷᠮᠠᠨ | ᠤᠰᠤ ᠪᠠᠷ ᠬᠤᠨᠳᠠᠭ᠎ᠠ ᠲᠤᠯᠭᠠᠬᠤ ᠶᠢ ᠴᠡᠭᠡᠷᠯᠡᠳᠡᠭ᠃ ᠤᠴᠢᠷ ᠨᠢ ᠬᠠᠮᠳᠤ ᠤᠤᠭᠤᠵᠤ ᠪᠠᠶᠢᠭ᠎ᠠ ᠪᠦᠭᠦ ᠬᠥᠮᠥᠰ ᠨᠢ | ᠦᠭᠦᠨᠡ ᠭᠡᠨ᠎ᠡ᠃ | ⒓ ᠡᠮᠦᠨᠡᠳᠦ ᠰᠤᠯᠤᠩᠭᠤᠰ | ᠲᠦᠭᠵᠢᠮᠡᠯ ᠥᠷᠥᠭᠡᠨ ᠳᠤ ᠰᠡᠩᠰᠡ ᠠᠰᠠᠭᠠᠭᠠᠳ ᠤᠨᠳᠠᠪᠠᠯ ᠦᠭᠦᠨᠡ ᠭᠡᠨ᠎ᠡ᠃ ᠬᠠᠭᠠᠷᠬᠠᠢ ᠰᠢᠯ ᠲᠠᠢ ᠥᠷᠥᠭᠡᠨ | ᠳᠤ ᠯᠡ ᠰᠡᠩᠰᠡ ᠵᠠᠯᠭᠠᠬᠤ ᠶᠢ ᠵᠥᠪᠯᠡᠳᠡᠭ ᠠᠵᠠᠢ᠃ | ⒔ ᠹᠷᠠᠽᠢᠯ | ᠴᠥᠩᠭᠦ ᠶᠤᠮ ᠤᠤ ᠲᠦᠷᠡᠶᠢᠪᠴᠢ ᠪᠠᠨ ᠱᠠᠯᠠᠨ ᠲᠡᠭᠡᠷ᠎ᠡ ᠬᠦᠷᠭᠡᠪᠡᠯ ᠠᠵᠠ ᠦᠭᠡᠶᠢᠳᠡᠳᠡᠭ ᠭᠡᠨ᠎ᠡ᠃ ᠶᠠᠳᠠᠭᠤᠷᠠᠨ᠎ᠠ ᠴᠤ | ᠭᠡᠵᠦ ᠦᠵᠡᠳᠡᠭ ᠶᠤᠮ ᠪᠠᠶᠢᠨ᠎ᠠ᠃ | ⒕ ᠳ᠋ᠧᠨ᠋ᠮᠠᠷᠺ | ᠠᠶᠠᠭ᠎ᠠ ᠳᠠᠪᠠᠭ ᠬᠠᠭᠠᠯᠤᠭᠰᠠᠨ ᠪᠤᠯ ᠬᠠᠳᠠᠭᠠᠯᠠᠵᠤ ᠪᠠᠶᠢᠭᠠᠳ ᠵᠠᠪᠠᠯ ᠰᠢᠨ᠎ᠡ ᠵᠢᠯ ᠤᠨ ᠤᠷᠢᠳ ᠡᠳᠦᠷ ᠨᠠᠶᠢᠵᠠ ᠶᠢᠨ | ᠳᠤ ᠪᠠᠨ ᠶᠤᠮ ᠤᠤ ᠭᠡᠷ ᠲᠤ ᠪᠠᠨ ᠠᠪᠠᠴᠢᠵᠤ ᠬᠠᠶᠠᠳᠠᠭ᠃ ᠬᠡᠳᠦᠢ ᠶᠡᠭᠡ ᠱᠠᠭᠠᠵᠠᠩ ᠬᠠᠭᠠᠯᠤᠭᠰᠠᠨ ᠪᠣᠯ ᠲᠡᠳᠦᠢ | ᠴᠢᠨᠡᠭᠡ ᠠᠵᠠ ᠬᠡᠶᠢᠮᠦᠷᠢ ᠶᠢ ᠠᠪᠠᠴᠢᠵᠤ ᠪᠠᠶᠢᠨ᠎ᠠ ᠭᠡᠵᠦ ᠦᠵᠡᠳᠡᠭ ᠲᠠᠢ ᠬᠤᠯᠪᠤᠭ᠎ᠠ ᠲᠠᠢ ᠬᠡᠨ᠎ᠡ᠃ | ⒖ ᠬᠤᠶᠢᠳᠤ ᠠᠮᠧᠷᠢᠺᠠ | ᠵᠠᠮ ᠤᠨ ᠬᠠᠭᠠᠷᠬᠠᠢ ᠲᠡᠭᠡᠷ᠎ᠡ ᠬᠢᠰᠭᠢᠪᠡᠯ ᠠᠵᠠ ᠦᠭᠡᠶᠢᠳᠡᠳᠡᠭ ᠬᠡᠨ᠎ᠡ᠃ ᠵᠠᠷᠢᠮ ᠨᠢ ᠪᠦᠷ ᠡᠵᠢ ᠶᠢᠨ ᠨᠢᠷᠤᠭᠤ | ᠡᠪᠡᠳᠦᠨ᠎ᠡ ᠭᠡᠵᠦ ᠦᠵᠡᠳᠡᠭ ᠬᠡᠨ᠎ᠡ᠃ | ⒗ ᠫᠤᠷᠲ᠋ᠦ᠋ᠭᠠᠯ | ᠠᠷᠤᠭᠰᠢ ᠪᠠᠨ ᠠᠯᠬᠤᠪᠠᠯ ᠴᠢᠳᠭᠦᠷ ᠲᠤ ᠵᠠᠮ ᠢᠶᠠᠨ ᠵᠢᠭᠠᠵᠤ ᠥᠭᠳᠡᠭ ᠬᠡᠮᠡᠨ ᠴᠡᠭᠡᠷᠯᠡᠳᠡᠭ᠃ | ⒘ ᠶᠧᠵᠢᠫᠲ | ᠶᠠᠭᠤᠮ᠎ᠠ ᠬᠠᠶᠢᠴᠢᠯᠠᠬᠤ ᠦᠭᠡᠢ ᠪᠠᠷ ᠬᠤᠭᠤᠰᠤᠨ ᠬᠠᠶᠢᠴᠢ ᠠᠩᠭᠠᠯᠵᠠᠭᠤᠯᠬᠤ ᠶᠢ ᠴᠡᠭᠡᠷᠯᠡᠳᠡᠭ᠃ ᠲᠡᠯᠭᠡᠵᠦ | ᠲᠠᠯᠪᠢᠭᠰᠠᠨ ᠪᠠᠶᠢᠪᠠᠯ ᠴᠢᠳᠭᠦᠷ ᠤᠨ ᠰᠦᠨᠡᠰᠦ ᠠᠭᠤᠷᠯᠠᠨ᠎ᠠ ᠭᠡᠵᠦ ᠦᠵᠡᠳᠡᠭ᠃ ⒙ ᠪᠤᠯᠭᠠᠷᠢᠶ᠎ᠠ | ᠰᠢᠪᠠᠭᠤ ᠪᠠᠭᠠᠪᠠᠯ ᠰᠠᠶᠢᠨ ᠭᠡᠵᠦ ᠦᠵᠡᠳᠡᠭ᠃ | ⒚ ᠢᠲ᠋ᠠᠯᠢ | ᠲᠤᠬᠠᠢ ᠶᠢᠨ ᠰᠠᠷ᠎ᠠ ᠶᠢᠨ 17 ᠤ ᠡᠳᠦᠷ ᠪᠠᠰᠠᠩ ᠭᠠᠷᠠᠭ ︵ᠭᠠᠷᠠᠭ ᠤᠨ ᠳᠠᠪᠤᠨ︶ ᠪᠠᠶᠢᠪᠠᠯ ᠮᠠᠰᠢ ᠮᠠᠭᠤ ᠭᠡᠵᠦ | ᠦᠵᠡᠳᠡᠭ᠃ ᠤᠴᠢᠷ ᠨᠢ ᠷᠤᠮᠠ ᠲᠤᠭᠠᠨ ᠤ XVII ᠲᠡᠮᠳᠡᠭᠯᠡᠭᠡ ᠨᠢ VIXI ᠪᠤᠶᠤ ᠮᠢᠨᠤ ᠠᠮᠢᠳᠤᠷᠠᠯ ᠲᠡᠭᠦᠰᠦᠯ᠎ᠡ | ᠭᠡᠰᠡᠨ ᠦᠭᠡ ᠪᠤᠯᠳᠠᠭ ᠪᠠᠶᠢᠨ᠎ᠠ᠃ | ⒛ ᠢᠰᠫᠠᠨᠢ | ᠵᠡᠭᠦᠨ ᠬᠦᠯ ᠢᠶᠠᠷ ᠢᠶᠠᠨ ᠥᠷᠥᠭᠡ ᠤᠷᠤᠭᠤ ᠤᠷᠤᠪᠠᠯ ᠮᠠᠭᠤ ᠢᠷᠸ᠎ᠠ ᠭᠡᠵᠦ ᠦᠵᠡᠳᠡᠭ᠃ 21. | ᠡᠨᠡᠳᠭᠡᠭ | ᠫᠦᠷᠪᠦ ︵ᠭᠠᠷᠠᠭ ᠤᠨ ᠲᠥᠷᠪᠡᠨ︶᠂ ᠪᠢᠮᠪᠠ ᠭᠠᠷᠠᠭ ︵ᠭᠠᠷᠠᠭ ᠤᠨ ᠵᠢᠷᠭᠤᠭᠠᠨ︶ ᠤᠳ ᠲᠤ ᠦᠰᠦ ᠪᠠᠨ ᠤᠬᠢᠶᠠᠬᠤ | ᠶᠤᠮ ᠤᠤ ᠳᠠᠭᠠᠷᠢᠭᠤᠯᠪᠠᠯ ᠥᠭᠡᠳᠡᠯᠡᠭᠦ ᠪᠠᠨ ᠪᠤᠯᠢᠨ᠎ᠠ ᠭᠡᠵᠦ ᠦᠵᠡᠳᠡᠭ ᠬᠡᠨ᠎ᠡ᠃ ᠲᠡᠷᠡ ᠴᠦ ᠪᠤᠤ ᠬᠡᠯᠡ ᠡᠳᠡᠭᠡᠷ | ᠡᠳᠦᠷ ᠤᠳ ᠲᠤ ᠬᠢᠮᠤᠰᠤ ᠪᠠᠨ ᠠᠪᠬᠤ ᠶᠤᠮ ᠪᠤᠯ ᠮᠠᠭᠤ ᠠᠵᠠᠢ᠃ 22. ᠬᠤᠯᠠᠨᠳ᠋ | ᠤᠷᠤᠢ ᠶᠢᠨ ᠬᠤᠭᠤᠯᠠᠨ ᠲᠡᠭᠡᠷ᠎ᠡ ᠪᠠᠨ ᠳᠠᠭᠤᠯᠠᠪᠠᠯ ᠴᠢᠳᠭᠦᠷ ᠲᠤ ᠵᠤᠷᠢᠭᠤᠯᠤᠨ ᠳᠠᠭᠤᠯᠠᠵᠤ ᠪᠠᠶᠢᠨ᠎ᠠ ᠭᠡᠵᠦ | ᠦᠵᠡᠳᠡᠭ᠃ ᠮᠥᠨ ᠬᠦᠷᠰᠢ ᠳᠤ ᠪᠠᠨ ᠳᠠᠪᠤᠰᠤ ᠵᠢᠭᠡᠯᠡᠵᠦ ᠪᠤᠯᠬᠤ ᠦᠭᠡᠢ ᠭᠡᠵᠦ ᠦᠵᠡᠳᠡᠭ ᠪᠠᠶᠢᠨ᠎ᠠ᠃ | 23. ᠨᠢᠭᠧᠷ | ᠨᠢᠯᠬ᠎ᠠ ᠬᠡᠦᠭᠡᠳ ᠤᠨ ᠤᠷᠤᠭᠤᠯ ᠲᠡᠭᠡᠷ᠎ᠡ ᠦᠨᠦᠰᠭᠦ ᠶᠢ ᠮᠠᠭᠤ ᠭᠡᠵᠦ ᠦᠵᠡᠳᠡᠭ᠃ ᠪᠠᠰᠠ ᠲᠤᠮᠤ ᠪᠤᠯᠤᠭᠠᠳ | ᠰᠢᠯᠦᠰᠦ ᠪᠠᠨ ᠭᠤᠭᠤᠵᠢᠭᠤᠯᠳᠠᠭ ᠬᠡᠦᠭᠡᠳ ᠪᠤᠯᠤᠨ᠎ᠠ ᠭᠡᠵᠦ ᠦᠵᠡᠳᠡᠭ ᠪᠠᠶᠢᠨ᠎ᠠ᠃ 24. ᠠᠮᠧᠷᠢᠺᠠ | | ᠪᠢᠶᠧᠷᠮᠣᠨ᠋ᠲ ᠮᠤᠵᠢ ᠳᠤ 19 ᠳ᠋ᠤᠭᠡᠷ ᠵᠠᠭᠤᠨ ᠤ ᠦᠶ᠎ᠡ ᠳᠤ ᠪᠠᠷᠢᠭᠳᠠᠭᠰᠠᠨ ᠹᠢᠶᠧᠷᠮᠢ ᠶᠢᠨ ᠪᠠᠷᠢᠯᠭ᠎ᠠ ᠨᠤᠭᠤᠳ ᠲᠤ | ︽ᠰᠢᠮᠨᠦ ᠶᠢᠨ ᠴᠤᠩᠬᠤ︾ ᠪᠠᠶᠢᠳᠠᠭ ᠬᠡᠨ᠎ᠡ᠃ ᠡᠳᠡᠭᠡᠷ ᠴᠤᠩᠬᠤ ᠨᠤᠭᠤᠳ ᠨᠢ ᠨᠠᠯᠠᠤ ᠪᠠᠶᠢᠳᠠᠭ ᠪᠥᠭᠡᠳ ᠡᠶᠢᠮᠦ | ᠴᠤᠩᠬᠤ ᠪᠠᠷ ᠰᠢᠮᠨᠦ ᠤᠷᠤᠵᠤ ᠢᠷᠡᠵᠦ ᠴᠢᠳᠠᠬᠤ ᠦᠭᠡᠢ ᠭᠡᠵᠦ ᠢᠳᠡᠭᠡᠳᠡᠭ ᠪᠠᠶᠢᠨ᠎ᠠ᠃ | 25. ᠰᠸᠧᠳᠧᠨ | ᠰᠸᠧᠳᠧᠨᠴᠤᠳ ᠲᠷᠧᠨᠰᠢ ᠶᠢᠨ ᠨᠦᠭᠡᠨ ᠲᠡᠭᠡᠷ᠎ᠡ ᠬᠢᠰᠭᠢᠭᠦ ᠳᠤ ᠪᠠᠨ ᠪᠤᠯᠭᠤᠮᠵᠢᠳᠠᠢ ᠬᠠᠨᠳᠤᠳᠠᠭ ᠭᠡᠨ᠎ᠡ᠃ A | ᠦᠰᠦᠭ ᠲᠠᠢ ᠨᠦᠬᠡᠨ ᠲᠡᠭᠡᠷ᠎ᠡ ᠬᠢᠰᠬᠢᠪᠡᠯ ᠬᠠᠶᠢᠷ᠎ᠠ ᠳᠤᠷᠠᠯᠠᠯ ᠨᠢ ᠪᠦᠲᠦᠬᠦ ᠦᠭᠡᠢ ᠪᠠᠶᠢᠵᠤ ᠰᠡᠳᠬᠢᠯ ᠤᠨ ᠰᠢᠨᠠᠯᠤᠯ | ᠳᠤ ᠤᠴᠠᠷᠠᠳᠠᠭ᠂ ᠬᠠᠷᠢᠨ K ᠦᠰᠦᠭ ᠲᠠᠢ ᠨᠦᠬᠡᠨ ᠲᠡᠭᠡᠷ᠎ᠡ ᠬᠢᠰᠬᠢᠪᠡᠯ ᠠᠵᠠ ᠬᠡᠶᠢᠮᠦᠷᠢ ᠢᠷᠡᠳᠡᠭ ᠬᠡᠨ᠎ᠡ᠃ | |