ᠪᠤᠷᠠᠮ᠂ ᠭᠠ᠂ ᠴᠢᠪᠠᠭ᠎ᠠ ᠶᠢ ᠱᠦᠯᠦ ᠬᠢᠮᠤᠷᠠᠭ᠎ᠠ ᠬᠠᠨᠢᠶᠠᠳᠦ ᠶᠢ ᠵᠠᠰᠠᠨ᠎ᠠ᠃ ᠪᠤᠷᠠᠮ 30 ᠭᠷᠠᠮ᠂ ᠭᠠ 15 | ᠭᠷᠠᠮ᠂ ᠤᠯᠠᠭᠠᠨ ᠴᠢᠪᠠᠭ᠎ᠠ 30 ᠭᠷᠠᠮ᠃ ᠭᠤᠷᠪᠡᠨ ᠠᠶᠠᠭ᠎ᠠ ᠤᠰᠤ ᠶᠢ ᠬᠠᠭᠠᠰ ᠦᠯᠡᠳᠡᠲᠡᠯ᠎ᠡ ᠴᠢᠨᠠᠵᠤ ᠤᠤᠭᠤᠪᠠᠯ᠂ | ᠪᠠᠭ᠋ᠠᠨ ᠬᠦᠯᠦᠷᠡᠭᠰᠡᠨ ᠤ ᠲᠠᠷᠠᠭ᠎ᠠ ᠡᠪᠡᠳᠴᠢᠨ ᠰᠠᠶᠢᠨ ᠪᠤᠯᠳᠠᠭ᠃ | ᠦᠨᠤᠷᠳᠤ ᠨᠤᠭᠤᠭ᠎ᠠ ᠶᠢᠨ ᠱᠦᠯᠦ ᠬᠢᠮᠤᠷᠠᠭ᠎ᠠ ᠠᠴᠠ ᠪᠤᠯᠤᠭᠰᠠᠨ ᠬᠠᠨᠢᠶᠠᠳᠦ ᠶᠢ ᠲᠠᠷᠤᠨ᠎ᠠ᠃ ᠦᠨᠦᠷᠳᠤ | ᠨᠤᠭᠤᠭ᠎ᠠ 30 ᠭᠷᠠᠮ᠂ ᠰᠢᠬᠢᠷ 30 ᠭᠷᠠᠮ᠂ ᠲᠤᠳᠤᠷᠭ᠎ᠠ 100 ᠭᠷᠠᠮ᠃ ᠲᠤᠳᠤᠷᠭ᠎ᠠ ᠪᠠᠨ ᠰᠠᠶᠢᠲᠤᠷ ᠤᠬᠢᠶᠠᠨ | ᠴᠢᠨᠠᠵᠤ᠂ ᠲᠤᠳᠤᠷᠭ᠎ᠠ ᠶᠢᠨ ᠰᠦᠮᠦᠰᠦ 3 ᠬᠠᠯᠪᠠᠭ᠎ᠠ ᠲᠠᠭᠡᠷ᠎ᠡ ᠦᠨᠤᠷᠳᠤ ᠨᠤᠭᠤᠭ᠎ᠠ ᠰᠢᠬᠢᠷ ᠢᠶᠠᠨ ᠬᠢᠵᠤ 10 | ᠮᠢᠨᠦ᠋ᠲ ᠵᠢᠩᠨᠡᠨᠠ᠃ ᠬᠠᠯᠠᠭᠤᠨ ᠢᠶᠠᠷ ᠨᠢ ᠤᠤᠭᠤᠪᠠᠯ ᠬᠢᠮᠤᠷᠠᠭ᠎ᠠ ᠠᠴᠠ ᠪᠤᠯᠤᠭᠰᠠᠨ ᠬᠠᠨᠢᠶᠠᠳᠦ ᠶᠢ ᠵᠠᠰᠠᠨ᠎ᠠ᠃ | ᠴᠠᠭᠠᠨ ᠯᠤᠤᠪᠠᠩ ᠪᠠᠯ ᠬᠦᠢᠳᠡᠨ ᠬᠠᠨᠢᠶᠠᠳᠦ ᠶᠢ ᠵᠠᠰᠠᠨ᠎ᠠ᠃ ᠴᠠᠭᠠᠨ ᠯᠤᠤᠪᠠᠩ 1᠂ ᠪᠠᠯ 30 ᠭᠷᠠᠮ᠂ | ᠴᠠᠭᠠᠨ ᠬᠤᠤᠵᠤᠤ 5 ᠮᠦᠬᠦᠯᠢᠭ᠂ ᠵᠡᠭᠡᠷᠭᠡᠨ᠎ᠡ 2 ᠭᠷᠠᠮ᠃ ᠯᠤᠤᠪᠠᠩ ᠢᠶᠠᠨ ᠤᠬᠢᠶᠠᠵᠤ ᠬᠡᠷᠴᠢᠭᠡᠳ ᠠᠶᠠᠭᠠᠨ ᠳᠤ | ᠬᠢᠵᠤ᠂ ᠪᠠᠯ᠂ ᠴᠠᠭᠠᠨ ᠬᠤᠤᠵᠤᠤ᠂ ᠵᠡᠭᠡᠷᠭᠡᠨ᠎ᠡ ᠲᠠᠢ ᠬᠠᠭᠠᠰ ᠴᠠᠭ ᠵᠢᠩᠨᠡᠭᠡᠳ ᠬᠠᠯᠠᠭᠤᠨ ᠢᠶᠠᠷ ᠨᠢ ᠤᠤᠭᠤᠨ᠎ᠠ᠃ | ᠴᠡᠭᠡ ᠬᠠᠯᠠᠭᠤᠨ ᠢ ᠬᠦᠭᠡᠭᠡᠵᠤ ᠬᠠᠨᠢᠶᠠᠳᠦ ᠶᠢ ᠵᠤᠭᠰᠤᠭᠠᠨ᠎ᠠ᠃ ᠴᠡᠭᠡ 300 ᠮᠢᠯᠢᠯᠢᠲᠷ᠂ ᠴᠠᠭᠠᠨ ᠰᠢᠬᠢᠷ | ᠪᠠᠭ᠎ᠠ ᠬᠢᠨ᠎ᠠ᠃ ᠴᠡᠭᠡ ᠪᠠᠨ ᠪᠣᠴᠠᠯᠭᠠᠭᠰᠠᠨ ᠤ ᠲᠠᠷᠠᠭ᠎ᠠ ᠤᠤᠭᠤᠬᠤ ᠦᠶᠡᠰ ᠴᠠᠭᠠᠨ ᠰᠢᠬᠢᠷ ᠬᠢᠨ᠎ᠡ᠃ ᠴᠡᠭᠡ ᠨᠢ | ᠤᠮᠳᠠ ᠲᠠᠢᠯᠵᠤ ᠬᠠᠯᠠᠭᠤᠨ ᠢ ᠬᠦᠭᠡᠭᠡᠬᠦ᠂ ᠴᠢᠰᠦ ᠨᠦᠬᠦᠬᠦ᠂ ᠬᠠᠨᠢᠶᠠᠳᠦ ᠶᠢ ᠵᠤᠭᠰᠤᠭᠠᠬᠤ ᠦᠢᠯᠡᠳᠦᠯ ᠲᠠᠢ᠃ | ᠠᠭᠤᠰᠬᠢᠨ ᠰᠦᠷᠢᠶ᠎ᠠ᠂ ᠬᠠᠨᠢᠶᠠᠳᠦ ᠶᠢ ᠵᠠᠰᠠᠬᠤ ᠪᠠ ᠬᠠᠯᠠᠭᠤᠨ ᠢ ᠰᠡᠷᠭᠡᠶᠢᠯᠡᠬᠦ ᠤᠨᠴᠠ ᠶᠢᠨ ᠲᠤᠰᠠᠳᠠᠢ᠃ |