︽ᠭᠤᠷᠪᠠᠨ ᠭᠠᠷ ᠲᠠᠮᠵᠢᠬᠰᠠᠨ ᠲᠠᠮᠠᠬᠢ︾ ᠭᠡᠵᠦ ᠶᠠᠭᠤ ᠪᠤᠢ︖ | ︽ᠭᠤᠷᠪᠠᠨ ᠭᠠᠷ ᠲᠠᠮᠵᠢᠬᠰᠠᠨ ᠲᠠᠮᠠᠬᠢ︾ ᠭᠡᠳᠡᠭ ᠨᠢ ᠲᠠᠮᠠᠬᠢᠨ ᠤᠳᠤᠭ᠎ᠠ ᠬᠤᠪᠴᠠᠰᠤ ᠬᠤᠨᠠᠷ᠂ ᠬᠡᠷᠡᠮ᠂ | ᠬᠡᠪᠢᠰ᠂ ᠴᠣᠩᠬᠤᠨ ᠪᠦᠷᠬᠦᠬᠦᠯ᠂ ᠭᠡᠷ ᠤᠨ ᠬᠡᠷᠡᠭᠰᠡᠯ᠂ ᠴᠢᠨᠠᠭᠰᠢᠯᠠᠪᠠᠯ ᠭᠡᠵᠢᠭᠡ ᠪᠠ ᠠᠷᠠᠰᠤ ᠰᠢᠷᠢ ᠵᠡᠷᠭᠡ ᠦᠡᠭᠭᠡᠨ | ᠲᠠᠯ᠎ᠠ ᠳᠤ ᠦᠯᠡᠳᠡᠭᠰᠡᠨ ᠲᠠᠮᠠᠬᠢᠨ ᠤᠳᠤᠭᠠᠨ ᠤ ᠦᠯᠡᠳᠡᠭᠳᠡᠯ ᠪᠣᠳᠠᠰ ᠢ ᠵᠢᠭᠠᠵᠤ ᠪᠠᠶᠢᠨ᠎ᠠ᠃ ᠲᠡᠷᠡ ᠨᠢ ᠣᠳᠤᠬᠠᠨ ᠤ | ᠬᠤᠣᠷ ᠬᠥᠨᠥᠭᠡᠯ ᠢᠶᠠᠷ ᠬᠠᠮᠤᠭ ᠤᠨ ᠶᠡᠭᠡ ᠭᠡᠷ ᠳᠣᠲᠣᠷᠠᠬᠢ ᠠᠭᠠᠷ ᠤᠨ ᠪᠣᠬᠢᠷᠳᠤᠯ ᠪᠣᠯᠣᠨ᠎ᠠ᠃ ᠦᠯᠡᠳᠡᠭᠳᠡᠯ | ᠪᠣᠳᠠᠰ ᠤᠨ ᠳᠣᠲᠣᠷ᠎ᠠ ᠨᠢᠺᠦᠲ᠋ᠢᠨ᠂ ᠥᠮᠡᠨ ᠡᠭᠦᠰᠬᠡᠬᠦ ᠪᠣᠳᠠᠰ᠂ ᠬᠦᠨᠳᠦ ᠲᠡᠮᠦᠷᠯᠢᠭ᠂ ᠰᠠᠴᠤᠷᠠᠭ ᠢᠳᠡᠪᠬᠢ ᠪᠣᠳᠠᠰ | ᠵᠡᠷᠭᠡ ᠬᠤᠣᠷᠲᠤ ᠪᠣᠳᠠᠰ ᠠᠭᠤᠯᠤᠭᠳᠠᠵᠤ ᠪᠠᠶᠢᠳᠠᠭ᠃ | ︽ᠭᠤᠷᠪᠠᠨ ᠭᠠᠷ ᠲᠠᠮᠵᠢᠬᠰᠠᠨ ᠲᠠᠮᠠᠬᠢ︾ ᠶᠢᠨ ᠬᠤᠣᠷ ᠬᠥᠨᠥᠭᠡᠯ ᠨᠢ ᠶᠠᠭᠠᠬᠢᠭᠠᠳ ᠬᠠᠮᠤᠭ ᠤᠨ ᠶᠡᠭᠡ ᠪᠠᠶᠢᠳᠠᠭ | ᠪᠤᠢ︖ | ᠨᠢᠭᠡ ᠳᠤ᠂ ᠠᠮᠠᠷᠬᠠᠨ ᠣᠮᠳᠣᠭᠠᠶᠢᠯᠠᠭᠳᠠᠨᠠ᠃ ᠭᠠᠷ ᠲᠠᠮᠵᠢᠬᠰᠠᠨ ᠳᠠᠮᠠᠬᠢᠨ ᠠᠴᠠ ᠵᠠᠶᠢᠯᠠᠵᠦ ᠪᠣᠯᠬᠤ | ᠪᠣᠯᠪᠠᠴᠤ ᠭᠤᠷᠪᠠᠨ ᠭᠠᠷ ᠲᠠᠮᠵᠢᠬᠰᠠᠨ ᠲᠠᠮᠠᠬᠢᠨ ᠠᠴᠠ ᠵᠠᠶᠢᠯᠠᠬᠤ ᠳᠤ ᠪᠡᠷᠬᠡ ᠪᠠᠶᠢᠳᠠᠭ᠃ ᠬᠦᠮᠦᠨ ᠤ ᠲᠠᠮᠠᠬᠢ | ᠳᠠᠲᠠᠬᠤ ᠶᠢ ᠣᠯᠵᠤ ᠦᠵᠡᠪᠡᠯ ᠪᠢᠳᠡ ᠵᠠᠶᠢᠯᠠᠵᠦ ᠳᠡᠶᠢᠯᠡᠨᠡ᠂ ᠭᠡᠪᠡᠴᠦ ᠭᠤᠷᠪᠠᠨ ᠭᠠᠷ ᠲᠠᠮᠵᠢᠬᠰᠠᠨ ᠳᠠᠮᠠᠬᠢᠨ ᠤ | ᠬᠤᠣᠷ ᠬᠥᠨᠥᠭᠡᠯ ᠲᠤ ᠣᠨᠴᠠᠷᠠᠬᠤ ᠶᠢ ᠥᠪᠡᠷ ᠢᠶᠠᠨ ᠮᠡᠳᠡᠬᠦ ᠦᠭᠡᠢ ᠶᠤᠮ᠃ ᠲᠡᠷᠡ ᠨᠢ ᠮᠠᠨ ᠤ ᠠᠮᠢᠳᠤᠷᠠᠵᠦ | ᠪᠠᠶᠢᠭ᠎ᠠ ᠤᠷᠴᠢᠨ ᠲᠤᠭᠤᠷᠢᠨ ᠳᠤ ᠦᠷᠬᠦᠯᠵᠢ ᠤᠷᠤᠰᠢᠵᠦ ᠪᠠᠶᠢᠳᠠᠭ᠃ | ᠬᠤᠶᠠᠷ ᠲᠤ᠂ ᠬᠤᠣᠷ ᠬᠥᠨᠥᠭᠡᠯ ᠤᠨ ᠬᠤᠭᠤᠴᠠᠭ᠎ᠠ ᠨᠢ ᠤᠷᠳᠤ ᠪᠠᠶᠢᠳᠠᠭ᠃ ᠭᠠᠷ ᠳᠠᠮᠵᠢᠭ᠍ᠰᠡᠨ ᠲᠠᠮᠠᠬᠢᠨ | ᠳᠣᠲᠣᠷᠠᠬᠢ ᠬᠤᠣᠷᠲᠤ ᠪᠦᠷᠢᠯᠳᠦᠭᠦᠨ ᠨᠢ ᠪᠣᠳᠠᠰ ᠤᠨ ᠭᠠᠳᠠᠷᠭᠤ ᠳᠤ ᠨᠠᠭᠠᠯᠳᠤᠪᠠᠯ ︽ᠭᠤᠷᠪᠠᠨ ᠭᠠᠷ ᠲᠠᠮᠵᠢᠬᠰᠠᠨ | ᠲᠠᠮᠠᠬᠢ︾ ᠪᠣᠯᠳᠠᠭ᠃ ᠳᠡᠭᠦᠨ ᠢ ᠲᠣᠶᠢᠯᠪᠦᠷᠢᠲᠠᠢ ᠠᠷᠢᠯᠭᠠᠬᠤ ᠳᠤ ᠲᠤᠶᠢᠯ ᠤᠨ ᠬᠦᠴᠢᠷ ᠲᠠᠢ ᠪᠠᠶᠢᠳᠠᠭ᠃ | ᠭᠤᠷᠪᠠ ᠳᠤ᠂ ᠬᠡᠦᠬᠡᠳ ᠲᠤ ᠨᠡᠩ ᠶᠡᠭᠡ ᠬᠤᠣᠷ ᠬᠥᠨᠥᠭᠡᠯ ᠲᠠᠢ ᠪᠠᠶᠢᠳᠠᠭ᠃ ᠤᠴᠢᠷ ᠨᠢ ᠬᠡᠦᠬᠡᠳ | ᠢᠯᠠᠩᠭᠤᠶ᠎ᠠ ᠨᠢᠯᠬ᠎ᠠ ᠬᠡᠦᠬᠡᠳ ᠭᠠᠵᠠᠷ ᠳᠡᠭᠡᠷ᠎ᠡ ᠮᠥᠯᠬᠦᠬᠦ ᠪᠤᠶᠤ ᠡᠯ᠎ᠡ ᠵᠦᠢᠯ ᠤᠨ ᠪᠣᠬᠢᠷᠲᠤᠭᠰᠠᠨ ᠶᠠᠭᠤᠮ᠎ᠠ ᠲᠠᠢ | ᠣᠶᠢᠷᠠᠳᠴᠦ᠂ ︽ ᠭᠤᠷᠪᠠᠨ ᠭᠠᠷ ᠲᠠᠮᠵᠢᠬᠰᠠᠨ ᠲᠠᠮᠠᠬᠢ︾ ᠲᠤ ᠬᠤᠤᠷᠳᠠᠬᠳᠠᠬᠤ ᠨᠦᠯᠦᠬᠡ ᠨᠢ ᠨᠡᠩ ᠶᠡᠭᠡ | ᠪᠠᠶᠢᠳᠠᠭ᠃ | ︽ᠭᠤᠷᠪᠠᠨ ᠭᠠᠷ ᠲᠠᠮᠵᠢᠬᠰᠠᠨ ᠲᠠᠮᠠᠬᠢ︾ ᠶᠢᠨ ᠬᠤᠣᠷ ᠬᠦᠨᠦᠭᠡᠯ ᠠᠴᠠ ᠬᠡᠷᠬᠢᠨ ᠵᠠᠶᠢᠯᠠᠰᠬᠢᠬᠦ ᠪᠤᠢ︖ | ᠭᠤᠷᠪᠠᠨ ᠭᠠᠷ ᠲᠠᠮᠵᠢᠬᠰᠠᠨ ᠲᠠᠮᠠᠬᠢ ᠠᠴᠠ ᠪᠦᠲᠦᠮᠵᠢᠲᠡᠶ ᠵᠠᠶᠢᠯᠠᠬᠤ ᠴᠣᠷ ᠤᠨ ᠭᠠᠭᠴᠠ ᠠᠷᠭ᠎ᠠ ᠪᠣᠯ ᠳᠠᠷᠤᠢ | ᠭᠡᠷ ᠳᠣᠲᠣᠷ᠎ᠠ ᠪᠠ ᠲᠡᠷᠭᠡᠨ ᠳᠣᠲᠣᠷ᠎ᠠ ᠲᠠᠮᠠᠬᠢ ᠲᠠᠲᠠᠵᠦ ᠦᠬᠡᠢ᠃ | ᠭᠠᠳᠠᠭᠰᠢ ᠭᠠᠷᠬᠤ ᠳᠠᠭᠠᠨ ᠴᠢᠳᠠᠬᠤ ᠶᠢᠨ ᠲᠣᠳᠤᠷ᠎ᠠ ︽ᠲᠠᠮᠠᠬᠢ ᠳᠠᠲᠠᠬᠤ ᠶᠢ ᠴᠠᠭᠠᠵᠠᠯᠠᠬᠤ︾ ᠬᠤᠭᠤᠯᠠᠨ | ᠭᠡᠷ ᠪᠠ ᠪᠤᠰᠤᠳ ᠭᠡᠷ ᠳᠣᠲᠣᠷᠠᠬᠢ ᠲᠠᠯᠠᠪᠤᠷ ᠢ ᠰᠣᠩᠭᠤᠵᠤ᠂ ᠳᠠᠮᠠᠬᠢ ᠲᠠᠢ ᠣᠶᠢᠷᠠᠳᠬᠤ ᠲᠣᠬᠢᠶᠠᠯᠳᠤᠮᠵᠢ ᠶᠢ | ᠪᠠᠭᠠᠰᠬᠠᠨ᠎ᠠ᠃ | ᠭᠡᠷ ᠤᠨ ᠬᠦᠮᠦᠰ ᠤᠨ ᠢᠶᠠᠨ ᠲᠠᠮᠠᠬᠢ ᠳᠠᠲᠠᠬᠤ ᠪᠠᠨ ᠵᠣᠭᠰᠤᠬᠤ ᠶᠢ ᠵᠣᠷᠢᠭᠵᠢᠭᠤᠯᠤᠨ᠎ᠠ᠃ |