ᠠᠮᠠᠷᠠᠭ ᠮᠢᠨᠢ
ᠨᠡᠶᠢᠲᠡᠯᠡᠭᠰᠡᠨ ᠴᠠᠭ᠄
2019-01-15
                                   ᠮᠦᠨᠴᠢᠯᠠᠭᠤ      ᠪᠤᠳᠠᠷ ᠪᠤᠳᠠᠷ ᠰᠠᠯᠬᠢ ᠨᠢ ᠪᠤᠷᠤᠭᠠᠨ ᠳᠠᠭᠠᠭᠤᠯᠤᠭᠠᠳ ᠢᠷᠡᠬᠦ ᠶᠤᠮ      ᠪᠤᠷᠤᠬᠠᠨ ᠵᠢᠷᠤᠬᠡᠨ ᠤ ᠠᠮᠠᠷᠠᠭ ᠮᠢᠨᠢ ᠪᠤᠳᠤᠯ ᠠᠷᠭᠠᠮᠵᠢᠭᠠᠤᠨ ᠪᠠᠶᠢᠬᠤ ᠶᠤᠮ      ᠪᠦᠭᠦᠷᠭᠡ ᠮᠦᠩᠭᠦᠨ ᠡᠮᠡᠭᠡᠯ ᠳᠡᠭᠡᠷ᠎ᠡ ᠲᠦᠷᠤᠭᠡ ᠵᠢᠭᠢᠮᠡᠷ ᠰᠠᠨᠠᠬᠳᠠᠬᠤ ᠶᠤᠮ      ᠪᠤᠯᠵᠤᠭᠠᠳᠤ ᠬᠤᠩᠭᠤᠷ ᠴᠢᠮ᠎ᠠ ᠳᠠᠭᠠᠨ ᠤᠴᠢᠮᠠᠷ ᠤᠴᠢᠮᠠᠷ ᠪᠤᠳᠤᠬᠳᠠᠬᠤ ᠶᠤᠮ      ᠪᠤᠯᠵᠤᠭᠠᠳᠤ ᠬᠤᠩᠭᠤᠷ ᠴᠢᠮ᠎ᠠ ᠳᠠᠭᠠᠨ      ᠤᠴᠢᠮᠠᠷ ᠤᠴᠢᠮᠠᠷ ᠪᠤᠳᠤᠬᠳᠠᠬᠤ ᠶᠤᠮ      ᠲᠦᠮᠪᠦᠭᠡᠷ ᠲᠦᠮᠪᠦᠭᠡᠷ ᠠᠭᠤᠯᠠᠰ ᠨᠢ ᠬᠦᠬᠡᠷᠡᠨ ᠤᠨᠢᠶᠠᠷᠳᠤᠭᠠᠤᠨ ᠪᠠᠶᠢᠬᠤ ᠶᠤᠮ      ᠲᠤᠷᠠᠯᠠᠯ ᠬᠠᠶᠢᠷ᠎ᠠ ᠶᠢᠨ ᠰᠡᠤᠡᠭᠢᠯ ᠮᠢᠨᠢ ᠴᠢᠮ᠎ᠠ ᠳᠠᠭᠠᠨ ᠬᠤᠷᠭᠤᠳᠠᠭᠠᠤᠨ ᠪᠠᠶᠢᠬᠤ ᠶᠤᠮ      ᠲᠤᠭᠤᠢ ᠴᠠᠭᠠᠨ ᠰᠠᠷᠠ ᠨᠢ ᠡᠭᠦᠯᠡᠨ ᠳᠤ ᠨᠢᠭᠤᠬᠳᠠᠭᠠᠤᠨ ᠪᠠᠶᠢᠬᠤ ᠶᠤᠮ      ᠲᠤᠤᠯᠢᠮ᠎ᠠ ᠡᠨᠡᠬᠡᠨ ᠬᠤᠷᠸ᠎ᠠ ᠳᠤ ᠴᠢᠮ᠎ᠠ ᠪᠠᠷ ᠯᠡ ᠳᠤᠳᠠᠭᠠᠤᠨ ᠪᠠᠶᠢᠬᠤ ᠶᠤᠮ      ᠲᠤᠤᠯᠢᠮ᠎ᠠ ᠡᠨᠡᠬᠡᠨ ᠬᠤᠷᠸ᠎ᠠ ᠳᠤ      ᠴᠢᠮ᠎ᠠ ᠪᠠᠷ ᠯᠡ ᠳᠤᠳᠠᠭᠠᠤᠨ ᠪᠠᠶᠢᠬᠤ ᠶᠤᠮ      ᠨᠠᠯᠠᠭᠠᠷ ᠨᠠᠯᠠᠭᠠᠷ ᠳᠠᠯ᠎ᠠ ᠨᠢ ᠰᠢᠷᠠᠯᠠᠨ ᠬᠤᠩᠭᠤᠷᠳᠠᠭᠠᠤᠨ ᠪᠠᠶᠢᠬᠤ ᠶᠤᠮ      ᠨᠠᠮᠤᠭᠤᠨ ᠭᠤᠪᠠᠢ ᠲᠡᠷᠡ ᠮᠢᠨᠢ ᠵᠢᠷᠤᠬᠡᠨ ᠳᠤ ᠮᠦᠰᠢᠶᠡᠭᠡᠤᠨ ᠪᠠᠶᠢᠬᠤ ᠶᠤᠮ      ᠨᠠᠮᠤᠷ ᠨᠠᠮᠤᠷ ᠤᠨ ᠭᠠᠯᠠᠭᠤᠤᠨ ᠨᠢ ᠠᠯᠤᠰ ᠲᠤ ᠨᠡᠭᠦᠭᠡᠤᠨ ᠪᠠᠶᠢᠬᠤ ᠶᠤᠮ      ᠨᠠᠶᠢᠷᠠᠭ ᠰᠢᠯᠦᠭ ᠰᠢᠭ ᠠᠮᠠᠷᠠᠭ ᠲᠠᠭᠠᠨ ᠨᠠᠯᠠᠨ ᠡᠷᠬᠡᠯᠡᠮᠡᠷ ᠰᠠᠨᠠᠬᠳᠠᠬᠤ ᠶᠤᠮ      ᠨᠠᠶᠢᠷᠠᠭ ᠰᠢᠯᠦᠭ ᠰᠢᠭ ᠠᠮᠠᠷᠠᠭ ᠲᠠᠭᠠᠨ      ᠨᠠᠯᠠᠨ ᠡᠷᠬᠡᠯᠡᠮᠡᠷ ᠰᠠᠨᠠᠬᠳᠠᠬᠤ ᠶᠤᠮ᠃  
 
ᠢᠷᠡᠯᠲᠡ᠄ ᠠᠷᠠᠳ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号