ᠰᠦᠶᠦᠭᠡ ᠫᠷᠤᠹᠧᠰᠰᠤᠷ ᠤᠨ ︽ᠴᠢᠨ᠋ᠸ᠎ᠠ ᠪᠠᠷᠢᠳᠠᠭ ᠨᠤᠬᠠᠢ︾ ᠬᠡᠬᠦ ᠲᠡᠭᠦᠪᠦᠷᠢ ᠬᠡᠪᠯᠡᠭᠳᠡᠯ᠎ᠡ
ᠨᠡᠶᠢᠲᠡᠯᠡᠭᠰᠡᠨ ᠴᠠᠭ᠄
2019-01-15
ᠤᠢᠢᠷ᠎ᠠ ᠳᠤ᠂ ᠨᠡᠷᠡᠳᠦ ᠵᠤᠬᠢᠶᠠᠯᠴᠢ᠂ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠰᠦᠶᠦᠭᠡ  ᠫᠷᠤᠹᠧᠰᠰᠤᠷ ᠤᠨ ᠰᠢᠨ᠎ᠠ ᠪᠦᠳᠦᠭᠡᠯ — — ︽ᠴᠢᠨ᠋ᠸ᠎ᠠ ᠪᠠᠷᠢᠳᠠᠭ ᠨᠤᠬᠠᠢ︾ ᠬᠡᠬᠦ ᠦᠬᠦᠯᠡᠯᠭᠡ᠂  ᠨᠠᠶᠢᠷᠠᠭᠤᠯᠤᠯ ᠤᠨ ᠲᠡᠭᠦᠪᠦᠷᠢ ᠤᠡᠭᠰᠢᠬᠴᠢ ᠲᠦᠮᠠᠨ ᠤ ᠠᠯᠠᠭᠠᠨ ᠲᠡᠭᠡᠷ᠎ᠠ ᠲᠡᠯᠭᠡᠭᠳᠡᠯ᠎ᠠ᠃         ᠲᠡᠬᠦᠪᠦᠷᠢ ᠳᠤ ᠠᠯᠳᠠᠨ ᠬᠢᠯᠢ ᠶᠢᠨ  ᠪᠠᠭᠠᠳᠤᠷ  ᠪᠤᠷᠤᠬᠦᠦ ᠶᠢᠨ  ᠲᠤᠬᠢᠶᠠᠯᠳᠤᠯ ᠢᠶᠠᠷ  ᠰᠢᠵᠢᠮᠯᠡᠭᠰᠡᠨ  ᠬᠢᠯᠢᠴᠤᠳ ᠤᠨ ᠠᠮᠢᠳᠤᠷᠡᠯ ᠢ ᠵᠢᠷᠤᠬᠯᠠᠬᠰᠡᠨ ︽ᠪᠤᠷᠤᠬᠦᠤ︾᠂ ᠲᠤᠰᠬᠤᠨ ᠤ ᠬᠤᠭᠤᠷᠴᠢ ᠶᠢᠨ ᠵᠤᠯ ᠪᠤᠰᠦ  ᠤᠴᠡᠷᠡᠯ ᠢᠶᠠᠷ ᠤᠷᠤᠭ᠎ᠠ ᠪᠤᠰᠬᠠᠭ᠎ᠠ ᠴᠠᠭ ᠦᠶ᠎ᠠ ᠶᠢᠨ ᠵᠢᠷᠤᠭ ᠢ ᠲᠠᠳᠠᠯᠠᠬᠰᠡᠨ ︽ᠬᠤᠭᠤᠷᠴᠢ ᠠᠬ᠎ᠠ︾ ᠵᠡᠷᠭᠡ 10 ᠭᠠᠷᠤᠢ ᠤᠶᠠᠩᠭ᠎ᠠ ᠶᠢᠨ ᠶᠤᠩᠬᠤᠷ ᠢᠶᠠᠷ ᠤᠶᠤᠨᠴᠢ ᠪᠤᠳᠤᠯ ᠢ ᠴᠡᠬᠢᠯᠳᠡᠯ᠎ᠠ ᠴᠢᠪᠬᠠᠳᠠᠬᠰᠡᠨ ᠦᠬᠦᠯᠡᠯᠭᠡ ᠬᠢᠭᠡᠳ ᠡᠯᠢᠭᠡ ᠵᠢᠷᠦᠭᠡᠨ ᠤ ᠬᠢᠨᠢ ᠡᠮᠳᠡᠷᠬᠡᠢ ᠪᠤᠯᠤᠬᠰᠡᠨ ᠠᠪᠤ ᠡᠵᠢ᠂  ᠠᠬ᠎ᠠ ᠲᠡᠬᠦᠤ ᠰᠡᠳᠤᠨ᠂ ᠨᠤᠳᠤᠭ ᠤᠰᠤᠨ ᠤ ᠬᠢᠨᠢ ᠬᠡᠰᠡᠭ ᠴᠢᠯᠠᠭᠤ ᠰᠢᠷᠭᠡᠭ ᠡᠪᠡᠰᠦᠨ ᠤ ᠲᠤᠬᠠᠢ ᠲᠤᠷᠡᠳᠬᠠᠯ ᠬᠦᠤᠷᠨᠢᠯ︔  ᠡᠭᠡ ᠬᠡᠯᠡ᠂  ᠮᠤᠩᠭᠤᠯ ᠰᠤᠳᠤᠯᠤᠯ᠂ ᠮᠤᠩᠭᠤᠯ ᠰᠤᠶᠤᠯ ᠤᠨ ᠤᠶᠤᠨ ᠤ ᠴᠡᠴᠡᠭᠡᠰ ᠤᠨ ᠪᠠᠭᠯᠠᠭ᠎ᠠ ᠶᠢᠨ ᠴᠤᠮᠤᠷᠯᠢᠭ ᠤᠳ︔ ︽ᠲᠤᠭᠤᠯ ᠤᠨ ᠪᠡᠯᠴᠢᠭᠡᠷ︾ ᠠᠴᠠ ︽ᠢᠨᠵᠠᠨᠨᠠᠰᠢ ᠶᠢᠨ ᠪᠦᠷᠢᠨ ᠵᠤᠬᠢᠶᠠᠯ︾ ᠬᠦᠷᠳᠡᠯᠡᠬᠢ ᠨᠤᠮ ᠵᠤᠬᠢᠶᠠᠯ᠂ ᠰᠤᠨᠢᠨ ᠰᠡᠳᠬᠦᠯ ᠳᠤ ᠪᠢᠴᠢᠭᠰᠡᠨ ᠤᠷᠤᠰᠢᠯ ᠲᠦᠷᠦᠭᠳᠡᠯ︔ ᠪᠡᠶᠡᠷ᠂ ᠪ᠊ · ᠪᠦᠷᠢᠨᠪᠠᠬᠢ᠂  ᠰ᠊ · ᠰᠡᠷᠡᠪ᠂  ᠵᠠᠯᠰᠡᠨ ᠬᠡᠬᠡᠨ ᠵᠡᠷᠭᠡ ᠠᠯᠳᠠᠷᠳᠦ ᠬᠦᠮᠤᠰ ᠲᠠᠢ ᠨᠦᠬᠦᠷᠯᠠᠵᠦ ᠶᠠᠪᠤᠬᠰᠡᠨ ᠤᠨ ᠰᠠᠷ᠎ᠠ ᠶᠢᠨ ᠲᠤᠷᠡᠰᠤᠮᠵᠢ ᠡᠷᠬᠢᠴᠡᠬᠦᠯᠤᠯ᠂ ᠦᠯᠢᠭᠡᠷ ᠤᠴᠡᠷᠡᠯ︔  ︽ᠮᠡᠬᠦᠰ ᠪᠢ︾ ᠪᠤᠯᠤᠨ ︽ᠤᠯᠳᠤᠢ ᠪᠢ︾ ᠬᠡᠮᠡᠭᠴᠢ ᠶᠢᠨ ᠴᠠᠭᠠᠨᠠᠬᠢ ᠤᠴᠢᠷ ᠠᠴᠠ ︽ᠲᠦᠷᠬᠡᠨ ᠬᠤᠭᠤᠯᠡ︾᠂ ︽ᠪᠡᠯᠡᠨ ᠬᠤᠭᠤᠯᠡ︾ ᠪᠤᠯᠳᠡᠯᠡᠬᠢ ᠪᠤᠳᠤᠯ ᠰᠡᠳᠬᠢᠯᠭᠡᠨ ᠤ ᠬᠢᠯᠡᠰ ᠰᠡᠴᠤᠷᠠᠭ ᠬᠢᠭᠡᠳ ᠬᠦᠡᠭᠰᠡᠩᠨᠤᠷᠪᠦ ᠶᠢᠨ ᠤᠷᠳᠤᠨ ᠢᠶᠠᠷ ᠵᠤᠭᠠᠯᠠᠬᠰᠡᠨ  ᠲᠦᠷᠦᠭᠳᠡᠯ᠂  ᠪᠸᠢ ᠳ᠋ᠠᠢ ᠾᠧ ᠰᠤᠪᠢᠯᠠᠯᠳᠠ ᠶᠢᠨ ᠭᠠᠵᠡᠷ ᠲᠠᠬᠢ ᠲᠦᠷᠦᠭᠳᠡᠯ ᠬᠡᠬᠦ 40 ᠰᠢᠬᠠᠮ ᠤᠶᠠᠩᠭ᠎ᠠ ᠨᠠᠶᠢᠷᠠᠭᠤᠯᠤᠯ ᠤᠳ ᠪᠠᠶᠢᠭ᠎ᠠ ᠶᠤᠮ᠃         ᠲᠤᠰ ᠪᠦᠳᠦᠭᠡᠯ ᠨᠢ ᠮᠤᠩᠭᠤᠯ ᠬᠡᠯᠡᠨ ᠤ ᠪᠠᠶᠠᠨ ᠲᠠᠩᠰᠤᠭ᠂ ᠤᠷᠤᠰᠤᠮ᠎ᠠ ᠢᠷᠠᠭᠤ ᠶᠢ ᠭᠠᠶᠢᠬᠠᠭᠤᠯᠵᠦ᠂  ᠪᠦᠳᠦᠴᠠ ᠵᠤᠬᠢᠶᠠᠮᠵᠢ ᠭᠤᠶᠢᠳᠠ ᠭᠡᠬᠡᠨᠴᠢᠷ᠂ ᠦᠯᠢᠭᠡᠷ ᠶᠠᠪᠤᠳᠠᠯ ᠲᠤᠪᠴᠢ ᠲᠤᠮᠤᠷᠠᠭᠠᠳ᠂ ᠤᠳᠬ᠎ᠠ ᠰᠠᠨᠠᠭ᠎ᠠ ᠬᠦᠨ ᠬᠦᠨᠵᠡᠬᠡᠢ ᠬᠡᠬᠦ ᠤᠯᠠᠨ ᠤᠨᠴᠠᠯᠢᠭ ᠢ ᠨᠢᠭᠡ ᠴᠤᠬᠴᠠᠯᠠᠬᠰᠡᠨ ᠬᠡᠵᠦ ᠡᠷᠳᠡᠮᠳᠡᠳ ᠦᠨᠡᠯᠵᠡᠭᠡᠵᠦ ᠪᠠᠶᠢᠨ᠎ᠠ᠃  
 
ᠢᠷᠡᠯᠲᠡ᠄ ᠠᠷᠠᠳ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号