ᠰᠤᠳᠤᠯᠭᠠᠨ ᠳᠤ ᠦᠵᠡᠬᠦ ᠪᠠᠷ᠄ ᠥᠷᠯᠥᠭᠡ ᠶᠢᠨ ᠬᠤᠭᠤᠯᠠ ᠪᠠᠨ ᠢᠳᠡᠬᠦ ᠥᠬᠡᠶ ᠪᠤᠶᠤ ᠣᠷᠣᠢ ᠶᠢᠨ ᠬᠤᠭᠤᠯᠠ  ᠪᠠᠨ ᠲᠠᠩᠴᠤ ᠤᠷᠤᠢ ᠢᠳᠡᠬᠦ ᠨᠢ ᠠᠮᠢ ᠨᠠᠰᠤᠨ ᠤ ᠠᠶᠤᠯ ᠠᠪᠴᠢᠷᠠᠵᠤ ᠮᠡᠳᠡᠨ᠎ᠡ
ᠨᠡᠶᠢᠲᠡᠯᠡᠭᠰᠡᠨ ᠴᠠᠭ᠄
2019-05-13
     ᠳᠤᠮᠳᠠᠳᠤ ᠤᠯᠤᠰ ᠤᠨ ᠰᠣᠨᠢᠨ ᠮᠡᠳᠡᠭᠡᠨ ᠤ ᠰᠦᠯᠵᠢᠶ᠎ᠡ ᠮᠡᠳᠡᠭᠡ ᠣᠷᠣᠰ ᠤᠨ ᠳᠠᠭᠠᠭᠤᠯᠢ ᠣᠳᠣᠨ ᠤ ᠰᠦᠯᠵᠢᠶ᠎ᠡ ᠵᠢᠨ‌ᠮᠡᠳᠡᠭᠡᠯᠡᠯ ᠨᠢ ᠦᠨᠳᠦᠰᠦᠯᠡᠪᠡᠯ᠂ ᠧᠦ᠋ᠷᠣᠫᠠ ᠲᠢᠪ ᠤᠨ  ᠵᠢᠷᠦᠬᠡᠨ  ᠡᠪᠡᠳᠴᠢᠨ ᠤ  ᠰᠢᠨᠵᠢᠯᠡᠭᠡᠨ ᠤ  ᠨᠡᠶᠢᠭᠡᠮᠯᠢᠭ ᠤᠨ  ᠲᠤᠰᠬᠠᠶ‌ᠮᠡᠷᠭᠡᠵᠢᠯᠲᠡᠨ ︽ᠲᠦᠷᠭᠡᠨ ᠴᠢᠨᠠᠷᠲᠠᠶ ᠲᠢᠲᠢᠮᠯᠢᠭ ᠯᠤᠭᠰᠢᠭᠤᠨ ᠰᠤᠳᠠᠯ ᠤᠨ ᠨᠡᠶᠢᠯᠡᠭ ᠬᠡᠮ ᠲᠠᠢ ᠡᠪᠡᠳᠴᠢᠲᠡᠨ ᠤ  ᠡᠷᠡᠭᠦᠯ  ᠪᠤᠰᠤ‌ᠦᠢᠯᠡ ᠠᠵᠢᠯᠯᠠᠭ᠎ᠠ︾ ᠶᠢ ᠦᠨᠡᠯᠡᠬᠦ ᠠᠩᠬᠠᠳᠠᠭᠴᠢ ᠰᠤᠳᠤᠯᠭᠠᠨ ᠤ ᠰᠡᠷᠡᠮᠵᠢᠯᠡᠭᠦᠯᠦᠯ ᠢ ᠡᠰᠢᠯᠡᠵᠦ ᠬᠡᠯᠡᠬᠦ ᠳᠡᠭᠡᠨ᠂ ᠥᠷᠯᠥᠭᠡ ᠵᠢᠨ‌ᠬᠤᠭᠤᠯᠠ ᠢᠳᠡᠬᠦ ᠥᠬᠡᠶ ᠪᠠ ᠤᠨᠲᠠᠬᠤ ᠠᠴᠠ ᠪᠠᠨ ᠡᠮᠦᠨ᠎ᠡ ᠣᠷᠣᠢ ᠶᠢᠨ ᠬᠤᠭᠤᠯᠠ ᠢᠳᠡᠪᠡᠯ  ᠵᠢᠷᠦᠬᠡ  ᠴᠢᠰᠤᠨ  ᠰᠤᠳᠠᠯ ‍ᠤᠨ‌ᠡᠪᠡᠳᠴᠢᠨ ᠳᠠᠬᠢᠨ ᠬᠥᠳᠡᠯᠬᠦ ᠪᠠ ᠡᠷᠲᠡ ᠦᠬᠦᠬᠦ ᠲᠦᠭᠰᠢᠭᠦᠷᠢ ᠶᠢ 3 ᠠᠴᠠ 4 ᠳᠠᠬᠢᠨ ᠨᠡᠮᠡᠭᠳᠡᠭᠦᠯᠦᠨ᠎ᠡ ᠭᠡᠵᠡᠶ᠃      ᠮᠡᠳᠡᠭᠡᠯᠡᠯ ᠢ ᠦᠨᠳᠦᠰᠦᠯᠡᠪᠡᠯ᠂ ᠪᠷᠠᠽᠢᠯ ᠤᠨ ᠰᠠᠨᠫᠧᠯᠤ  ︵SaoPaulo︶  ᠵᠧᠤ ᠶᠢᠨ  ᠶᠡᠭᠡ  ᠰᠤᠷᠭᠠᠭᠤᠯᠢ ᠵᠢᠨ‌ᠨᠢᠭᠡᠨ ᠫᠷᠣᠹᠧᠰᠰᠣᠷ ᠵᠢᠭᠠᠵᠤ ᠭᠠᠷᠭᠠᠭᠰᠠᠨ ᠢᠶᠠᠷ᠂ ᠠᠷᠪᠠᠨ ᠤ  ᠨᠢᠭᠡ  ᠬᠤᠪᠢ ᠶᠢᠨ  S  T  ᠬᠡᠰᠡᠭ ᠤᠨ  ᠥᠨᠳᠥᠷ  ᠡᠷᠭᠦᠬᠦ‌‍ᠬᠡᠯᠪᠡᠷᠢ ᠶᠢᠨ ᠵᠢᠷᠦᠬᠡᠨ ᠪᠤᠯᠴᠢᠩ ᠤᠨ ᠲᠦᠭᠵᠢᠷᠡᠯ ︵S T  E  M  I︶ ᠤᠨ  ᠡᠪᠡᠳᠴᠢᠲᠡᠨ  ᠨᠢᠭᠡ  ᠵᠢᠯ ᠤᠨ  ᠳᠣᠲᠣᠷ᠎ᠠ‌ᠦᠬᠦᠳᠡᠭ᠂ ᠭᠡᠬᠦ ᠳᠡᠭᠡᠨ ᠢᠳᠡᠭᠡᠨ ᠤᠮᠳᠠᠭᠠᠨ ᠢᠶᠠᠨ ᠠᠩᠬᠠᠷᠬᠤ ᠪᠣᠯ ᠡᠨᠡ ᠬᠦ ᠦᠷ᠎ᠡ ᠳ᠋ᠦᠩ ᠢ ᠰᠠᠶᠢᠵᠢᠷᠠᠭᠤᠯᠬᠤ  ᠬᠠᠷᠢᠴᠠᠩᠭᠤᠶ‌‍ᠬᠢᠮᠳᠠ ᠮᠥᠷᠲᠡᠭᠡᠨ ᠳᠥᠭᠦᠮ ᠠᠷᠭ᠎ᠠ ᠮᠥᠨ ᠭᠡᠵᠡᠢ᠃      ᠲᠡᠬᠦᠨ ᠤ ᠬᠡᠯᠡᠬᠦ ᠪᠠᠷ᠂ ᠣᠷᠣᠢ ᠶᠢᠨ ᠬᠤᠭᠤᠯᠠ ᠶᠢ ᠤᠨᠲᠠᠬᠤ ᠠᠴᠠ ᠡᠮᠦᠨ᠎ᠡ ᠠᠳᠠᠭ ᠪᠠᠭ᠎ᠠ ᠳᠠᠭᠠᠨ ᠬᠤᠶᠠᠷ ᠴᠠᠭ ‍ᠤᠨ‌ᠡᠮᠦᠨ᠎ᠡ ᠢᠳᠡᠵᠦ᠂ ᠥᠷᠯᠥᠭᠡ ᠶᠢᠨ  ᠬᠤᠭᠤᠯᠠ ᠨᠢ  ᠬᠠᠷᠢᠴᠠᠩᠭᠤᠶ ᠪᠠᠷ  ᠡᠯᠪᠡᠭ  ᠣᠯᠠᠨ  ᠶᠠᠩᠵᠤ ᠵᠢᠨ‌‍ᠪᠠᠶᠢᠯᠭᠠᠪᠠᠯ  ᠵᠣᠬᠢᠨ᠎ᠠ᠂ᠤᠴᠢᠷ ᠨᠢ ᠥᠷᠯᠥᠭᠡ ᠶᠢᠨ ᠬᠤᠭᠤᠯᠠ ᠨᠢ ᠬᠥᠮᠦᠨ ᠤ ᠡᠳᠦᠷ ᠲᠤᠰᠤᠮ ᠤᠨ  ᠬᠡᠷᠡᠭᠰᠡᠬᠦ  ᠺᠠᠯᠣᠷᠢ ᠶᠢᠨ  15  % ᠠᠴᠠ  35% ᠶᠢ ᠬᠠᠩᠭᠠᠲᠠᠭ᠃ ᠥᠷᠯᠥᠭᠡ ᠶᠢᠨ ᠬᠤᠭᠤᠯᠠᠨ ᠳᠤ ᠴᠠᠭᠠᠨ ᠢᠳᠡᠭᠡᠨ ︵ᠥᠭᠡᠬᠦ ᠪᠠᠭᠠᠲᠠᠶ ᠦᠨᠢᠶᠡᠨ ᠰᠥ᠂ ᠡᠭᠡᠳᠡᠭᠰᠡᠨ  ᠰᠥ᠋‌‍ᠪᠠ ᠬᠤᠷᠤᠳ︶᠂ ᠨᠡᠭᠦᠷᠡᠰᠦ ᠤᠰᠤᠨ ᠤ ᠨᠢᠭᠡᠳᠪᠦᠷᠢ ︵ᠪᠦᠬᠦᠯᠢ ᠪᠤᠭᠤᠳᠠᠢ ᠶᠢᠨ ᠲᠠᠯᠬ᠎ᠠ᠂ ᠠᠮᠤ ᠪᠤᠳᠠᠭ᠎ᠠ︶ ᠪᠠ  ᠪᠦᠬᠦᠯᠢ  ᠵᠢᠮᠢᠰ‌‍ᠪᠠᠶᠢᠪᠠᠯ ᠰᠠᠶᠢᠨ᠃      ᠲᠤᠰ ᠰᠤᠳᠤᠯᠭᠠᠨ ᠢ ᠳᠤᠮᠳᠠᠴᠢ ᠨᠠᠰᠤ ᠨᠢ 60 ᠪᠣᠯᠬᠤ 113 ᠡᠪᠡᠳᠴᠢᠲᠡᠨ ᠳᠤ  ᠴᠢᠭᠯᠡᠭᠦᠯᠦᠨ  ᠬᠢᠭᠰᠡᠨ  ᠶᠤᠮ᠂ᠡᠭᠦᠨ ᠳᠤ 73 % ᠨᠢ ᠡᠷᠡᠭᠲᠡᠶ ᠪᠣᠯᠤᠨ᠎ᠠ᠂ ᠡᠪᠡᠳᠴᠢᠲᠡᠳ ᠲᠢᠲᠢᠮᠯᠢᠭ ᠯᠤᠭᠰᠢᠭᠤᠨ  ᠰᠤᠳᠠᠯ ᠤᠨ  ᠬᠦᠨᠳᠦ  ᠡᠪᠡᠳᠴᠢᠲᠡᠨ ‍ᠤ‌ᠥᠷᠥᠭᠡ ᠳᠤ ᠣᠷᠣᠭᠰᠠᠨ ᠤ ᠳᠠᠷᠠᠭ᠎ᠠ ᠢᠳᠡᠭᠡᠨ ᠤᠮᠳᠠᠭᠠᠨ ᠤ  ᠬᠢᠨᠢ  ᠪᠠᠶᠢᠳᠠᠯ ᠢ   ᠨᠢ  ᠯᠠᠪᠯᠠᠨ  ᠠᠰᠠᠭᠤᠭᠰᠠᠨ  ᠶᠤᠮ  ᠭᠡᠵᠦ‌‍ᠰᠢᠨᠵᠢᠯᠡᠬᠦ ᠤᠬᠠᠭᠠᠨᠲᠠᠨ ᠵᠢᠭᠠᠵᠤ ᠭᠠᠷᠭᠠᠯ᠎ᠠ᠃
 
ᠢᠷᠡᠯᠲᠡ᠄ ᠠᠷᠠᠳ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号