ᠠᠮᠧᠷᠢᠺᠠ ᠨᠢᠭᠡᠳᠦᠭᠰᠡᠨ ᠤᠯᠤᠰ ᠤᠨ ᠵᠣᠬᠢᠶᠠᠯᠴᠢ ᠡᠸ᠋ᠷᠨᠢᠰᠲ · ᠡᠾᠮᠢᠩᠸᠧᠢ ᠶᠢᠨ 1954 ᠣᠨ ᠳᠤ | ᠨᠣᠪᠧᠯ ᠤᠨ ᠤᠳᠬ᠎ᠠ ᠵᠣᠬᠢᠶᠠᠯ ᠤᠨ ᠱᠠᠩᠨᠠᠯ ᠬᠦᠷᠲᠡᠭᠰᠡᠨ ︽ᠡᠪᠦᠭᠡᠨ ᠪᠠ ᠳᠠᠯᠠᠢ︾ ︵The Old Man | and the Sea︶ ᠲᠤᠭᠤᠵᠢ ᠳᠡᠯᠡᠬᠡᠢ ᠶᠢᠨ ᠣᠯᠠᠨ ᠬᠡᠯᠡᠨ ᠳᠤ ᠣᠷᠴᠢᠭᠤᠯᠤᠭᠳᠠᠨ ᠬᠡᠪᠯᠡᠭᠳᠡᠵᠦ᠂ | ᠤᠩᠰᠢᠭᠴᠢ ᠲᠦᠮᠡᠨ ᠤ ᠲᠠᠭᠠᠰᠢᠶᠠᠯ ᠳᠤ ᠬᠦᠷᠦᠭᠰᠡᠭᠡᠷ ᠢᠷᠡᠯ᠎ᠡ᠃ ᠭᠡᠳᠡᠯ᠎ᠡ ᠳᠤᠮᠳᠠᠳᠤ ᠤᠯᠤᠰ ᠤᠨ ᠮᠣᠩᠭᠤᠯ | ᠦᠨᠳᠦᠰᠦᠲᠡᠨ ᠤ ᠤᠩᠰᠢᠭᠴᠢᠳ ᠤᠨ ᠡᠮᠦᠨ᠎ᠡ ᠨᠢ ᠤᠩᠰᠢᠵᠤ ᠪᠠᠶᠢᠭᠰᠠᠨ ᠬᠤᠪᠢᠯᠪᠤᠷᠢ ᠨᠢ ᠠᠩᠭ᠍ᠯᠢ | ᠬᠡᠯᠡᠨ ᠠᠴᠠ ᠰᠢᠭᠤᠳ ᠣᠷᠴᠢᠭᠤᠯᠤᠭᠰᠠᠨ ᠪᠤᠰᠤ᠂ ᠬᠠᠷᠢᠨ ᠪᠤᠰᠤᠳ ᠬᠡᠯᠡᠨ ᠠᠴᠠ ᠳᠠᠮ ᠣᠷᠴᠢᠭᠤᠯᠤᠭᠰᠠᠨ | ᠣᠷᠴᠢᠭᠤᠯᠭ᠎ᠠ ᠨᠤᠭᠤᠳ ᠪᠠᠶᠢᠪᠠ᠃ | | ᠪᠡᠭᠡᠵᠢᠩ ᠤᠨ ᠶᠡᠭᠡ ᠰᠤᠷᠭᠠᠭᠤᠯᠢ ᠶᠢᠨ ᠫᠷᠣᠹᠧᠰᠰᠣᠷ ᠳᠤᠯᠠᠭᠠᠨ ︵ᠴᠧᠨ ᠭᠠᠩ ᠯᠦᠩ︶ 2013 | ᠣᠨ ᠳᠤ ︽ᠡᠪᠦᠭᠡᠨ ᠪᠠ ᠳᠠᠯᠠᠢ︾ ᠲᠤᠭᠤᠵᠢ ᠶᠢ ᠠᠩᠭ᠍ᠯᠢ ᠬᠡᠯᠡᠨ ᠠᠴᠠ ᠰᠢᠭᠤᠳ ᠮᠣᠩᠭᠤᠯ ᠬᠡᠯᠡᠨ ᠳᠤ | ᠣᠷᠴᠢᠭᠤᠯᠤᠭᠰᠠᠨ ᠪᠥᠭᠡᠳ ᠲᠤᠬᠠᠢ ᠶᠢᠨ ᠵᠢᠯ ᠤᠨ ︽ᠦᠨᠳᠦᠰᠦᠲᠡᠨ ᠤ ᠤᠳᠬ᠎ᠠ ᠵᠣᠬᠢᠶᠠᠯ︾ ᠰᠡᠳᠬᠦᠯ ᠤᠨ | ᠮᠣᠩᠭᠤᠯ ᠬᠡᠪᠯᠡᠯ ᠤᠨ 4᠂ 5 ᠳ᠋ᠤᠭᠠᠷ ᠤᠳ ᠲᠤ ᠦᠷᠭᠦᠯᠵᠢᠯᠡᠨ ᠨᠡᠶᠢᠲᠡᠯᠡᠭᠰᠡᠨ ᠪᠠᠶᠢᠳᠠᠭ᠃ ᠲᠤᠩ ᠤᠳᠠᠯ ᠦᠭᠡᠢ | ︽ᠳᠡᠯᠡᠬᠡᠢ ᠶᠢᠨ ᠤᠳᠬ᠎ᠠ ᠵᠣᠬᠢᠶᠠᠯ︾ ᠴᠤ ᠡᠭᠦᠨ ᠢ ᠰᠢᠯᠵᠢᠭᠦᠯᠦᠨ ᠨᠡᠶᠢᠲᠡᠯᠡᠭᠰᠡᠨ ᠪᠠᠶᠢᠨ᠎ᠠ᠃ ᠮᠣᠩᠭᠤᠯ ︽ᠡᠪᠦᠭᠡᠨ | ᠪᠠ ᠳᠠᠯᠠᠢ︾ ᠨᠢ ᠳᠡᠯᠡᠬᠡᠢ ᠶᠢᠨ ᠰᠣᠩᠭᠤᠳᠠᠭ ᠵᠣᠬᠢᠶᠠᠯ ᠢ ᠰᠢᠭᠤᠳ ᠡᠬᠡ ᠬᠡᠯᠡᠨ ᠠᠴᠠ ᠨᠢ ᠡᠬᠡ ᠬᠡᠯᠡ ᠤᠷᠤᠭᠤ | ᠤᠷᠴᠢᠭᠤᠯᠬᠤ ᠵᠢᠱᠢᠶ᠎ᠡ ᠪᠣᠯᠵᠤ᠂ ︽ᠦᠨᠳᠦᠰᠦᠲᠡᠨ ᠤ ᠤᠳᠬ᠎ᠠ ᠵᠣᠬᠢᠶᠠᠯ︾ ᠶᠢᠨ ᠣᠨ ᠤ ᠱᠠᠩᠨᠠᠯ ᠬᠦᠷᠲᠡᠭᠰᠡᠨ | ᠪᠠᠶᠢᠳᠠᠭ᠃ | | ᠡᠨᠡ ᠵᠢᠯ ᠤᠨ 5 ᠰᠠᠷ᠎ᠠ ᠳᠤ ︽ᠡᠪᠦᠭᠡᠨ ᠪᠠ ᠳᠠᠯᠠᠢ︾ ᠵᠣᠬᠢᠶᠠᠯ ᠢ ᠥᠪᠥᠷ ᠮᠣᠩᠭᠤᠯ ᠤᠨ ᠪᠠᠭᠠᠴᠤᠳ | ᠬᠡᠦᠬᠡᠳ ᠤᠨ ᠬᠡᠪᠯᠡᠯ ᠤᠨ ᠬᠤᠷᠢᠶᠠᠨ ᠠᠴᠠ ᠬᠡᠪᠯᠡᠵᠦ ᠮᠣᠩᠭᠤᠯ ᠤᠩᠰᠢᠭᠴᠢᠳ ᠤᠨ ᠢᠶᠠᠨ ᠭᠡᠭᠡᠨ ᠮᠡᠯᠮᠡᠢ ᠳᠤ | ᠬᠦᠷᠭᠡᠭᠰᠡᠨ ᠪᠠᠶᠢᠨ᠎ᠠ᠃ ᠡᠨᠡᠬᠦ ᠲᠤᠭᠤᠵᠢ ᠨᠢᠭᠡ ᠰᠠᠷ᠎ᠠ ᠬᠦᠷᠬᠦ ᠦᠭᠡᠢ ᠬᠤᠭᠤᠴᠠᠭᠠᠨ ᠳᠤ ᠲᠦᠮᠡ ᠭᠠᠷᠤᠢ ᠰᠢᠷᠬᠡᠭ | ᠪᠣᠷᠣᠯᠠᠭᠤᠯᠤᠭᠳᠠᠭᠰᠠᠨ ᠪᠥᠭᠡᠳ ᠬᠡᠳᠦ ᠬᠡᠳᠦ ᠤᠳᠠᠭ᠎ᠠ ᠳᠠᠬᠢᠨ ᠬᠡᠪᠯᠡᠭᠳᠡᠭᠰᠡᠨ ᠪᠠᠶᠢᠨ᠎ᠠ᠃ | | ᠮᠣᠩᠭᠤᠯ ︽ᠡᠪᠦᠭᠡᠨ ᠪᠠ ᠳᠠᠯᠠᠢ︾ ᠤᠨ ᠲᠤᠬᠠᠢ ᠨᠡᠩ ᠰᠠᠶᠢᠨ ᠣᠶᠢᠯᠠᠭᠠᠯᠲᠠ ᠠᠪᠬᠤ ᠶᠢᠨ ᠲᠤᠯᠠᠳᠠ | ᠰᠣᠯᠣᠩᠭ᠎ᠠ ᠮᠡᠳᠡᠭᠡᠯᠡᠯ ᠤᠨ ᠲᠥᠪ ᠡᠨᠡᠬᠦ ᠲᠤᠭᠤᠵᠢ ᠶᠢ ᠠᠩᠭ᠍ᠯᠢ ᠬᠡᠯᠡᠨ ᠠᠴᠠ ᠰᠢᠭᠤᠳ ᠮᠣᠩᠭᠤᠯ ᠬᠡᠯᠡᠨ ᠳᠤ | ᠣᠷᠴᠢᠭᠤᠯᠤᠭᠰᠠᠨ ᠳᠤᠯᠠᠭᠠᠨ ᠪᠠᠭᠰᠢ ᠲᠠᠢ ᠶᠠᠷᠢᠯᠴᠠᠯᠭ᠎ᠠ ᠥᠷᠨᠢᠭᠦᠯᠦᠭᠰᠡᠨ ᠢ ᠰᠣᠨᠢᠷᠬᠠᠭᠤᠯᠤᠶ᠎ᠠ᠃ | —ᠲᠠ ᠰᠠᠶᠢᠨ ᠪᠠᠶᠢᠨ᠎ᠠ ᠤᠤ︖ | —ᠰᠠᠶᠢᠨ ᠪᠠᠶᠢᠨ᠎ᠠ᠃ ᠰᠣᠯᠣᠩᠭ᠎ᠠ ᠰᠡᠳᠬᠦᠯ ᠤᠨ ᠥᠷᠭᠡᠨ ᠣᠯᠠᠨ ᠤᠩᠰᠢᠭᠴᠢᠳ ᠲᠤ ᠪᠠᠨ ᠥᠨᠥᠳᠥᠷ ᠤᠨ | ᠠᠮᠤᠷ ᠠᠮᠤᠭᠤᠯᠠᠩ ᠢ ᠠᠶᠢᠯᠠᠳᠬᠠᠵᠤ ᠪᠠᠶᠢᠨ᠎ᠠ᠃ —ᠴᠤᠬᠤᠮ ᠶᠠᠭᠠᠬᠢᠭᠠᠳ ᠡᠸ᠋ᠷᠨᠢᠰᠲ · | ᠡᠾᠮᠢᠩᠸᠧᠢ ᠶᠢᠨ ︽ᠡᠪᠦᠭᠡᠨ ᠪᠠ ᠳᠠᠯᠠᠢ︾ ᠲᠤᠭᠤᠵᠢ ᠶᠢ ᠰᠣᠩᠭᠤᠨ ᠣᠷᠴᠢᠭᠤᠯᠤᠭᠰᠠᠨ ᠲᠤᠬᠠᠢ ᠳᠤ | ᠶᠠᠷᠢᠶ᠎ᠠ ᠪᠠᠨ ᠡᠬᠢᠯᠡᠭᠦᠯᠦᠶ᠎ᠡ | —︽ᠡᠪᠦᠭᠡᠨ ᠪᠠ ᠳᠠᠯᠠᠢ︾ ᠤᠨ ᠮᠣᠩᠭᠤᠯ ᠣᠷᠴᠢᠭᠤᠯᠭ᠎ᠠ ᠪᠣᠭᠤᠨᠢ ᠬᠤᠭᠤᠴᠠᠭᠠᠨ ᠳᠤ 6000 | ᠰᠢᠷᠬᠡᠭ ᠪᠣᠷᠣᠯᠠᠭᠤᠯᠤᠭᠳᠠᠭᠰᠠᠨ᠃ ᠥᠨᠥᠳᠥᠷ ᠢ ᠬᠦᠷᠲᠡᠯ᠎ᠡ ᠲᠦᠮᠡᠡ ᠰᠢᠷᠬᠡᠭ ᠤᠨ ᠵᠠᠬᠢᠶᠠᠯᠠᠭ᠎ᠠ ᠬᠦᠯᠢᠶᠡᠵᠦ ᠠᠪᠤᠭᠠᠳ | ᠪᠠᠶᠢᠭ᠎ᠠ ᠪᠥᠭᠡᠳ ᠦᠷᠭᠦᠯᠵᠢᠯᠡᠨ ᠨᠡᠮᠡᠭᠳᠡᠭᠰᠡᠭᠡᠷ ᠪᠠᠶᠢᠨ᠎ᠠ᠃ ᠡᠨᠡ ᠨᠢ ᠪᠢᠳᠡᠨ ᠤ ᠬᠡᠦᠬᠡᠳ ᠵᠠᠯᠠᠭᠤᠴᠤᠳ | ᠮᠣᠩᠭᠤᠯ ᠨᠣᠮ ᠪᠢᠴᠢᠭ ᠲᠤ ᠬᠤᠷᠣᠬᠠᠢ ᠲᠠᠢ ᠪᠠᠶᠢᠭ᠎ᠠ ᠶᠢ ᠬᠠᠷᠠᠭᠤᠯᠵᠤ ᠴᠢᠳᠠᠭᠰᠠᠨ ᠭᠡᠵᠦ ᠪᠢ ᠪᠣᠳᠣᠵᠤ ᠪᠠᠶᠢᠨ᠎ᠠ᠃ | ᠬᠠᠷᠢᠨ ᠲᠣᠮᠣᠴᠤᠳ ᠠᠴᠠ ᠬᠡᠦᠬᠡᠳ ᠪᠠᠭᠠᠴᠤᠳ ᠲᠤ ᠪᠠᠨ ᠪᠡᠯᠡᠳᠦᠭᠰᠡᠨ ᠲᠤᠰᠬᠠᠢ ᠵᠣᠷᠢᠭᠤᠯᠤᠯᠳᠠᠢ ᠨᠣᠮ ᠲᠤᠩ | ᠳᠤᠲᠠᠮᠠᠭ ᠪᠠᠶᠢᠨ᠎ᠠ᠃ ᠬᠡᠦᠬᠡᠳ ᠪᠠᠭᠠᠴᠤᠳ ᠲᠤ ᠪᠠᠨ ᠵᠣᠷᠢᠭᠤᠯᠤᠭᠰᠠᠨ ᠨᠣᠮ᠂ ᠪᠦᠲᠦᠭᠡᠯ ᠤᠳ ᠪᠠᠭ᠎ᠠ ᠬᠡᠪᠯᠡᠭᠳᠡᠵᠦ | ᠪᠠᠶᠢᠨ᠎ᠠ ᠭᠡᠵᠦ ᠬᠡᠯᠡᠵᠦ ᠪᠣᠯᠤᠨ᠎ᠠ᠃ | ᠢᠯᠠᠩᠭᠤᠶ᠎ᠠ᠂ ᠮᠣᠩᠭᠤᠯᠴᠤᠳ ᠤᠨ ᠤᠩᠰᠢᠵᠤ ᠪᠤᠢ ᠭᠠᠳᠠᠭᠠᠳᠤ ᠤᠷᠠᠨ ᠵᠣᠬᠢᠶᠠᠯ ᠤᠳ ᠤᠨ ᠶᠡᠬᠡᠩᠬᠢ | ᠬᠡᠰᠡᠭ ᠨᠢ ᠬᠡᠯᠡ ᠳᠠᠮᠵᠢᠨ ᠣᠷᠴᠢᠭᠤᠯᠤᠭᠳᠠᠭᠰᠠᠨ ᠣᠷᠴᠢᠭᠤᠯᠭ᠎ᠠ ᠨᠤᠭᠤᠳ᠃ ︽ᠡᠪᠦᠭᠡᠨ ᠪᠠ ᠳᠠᠯᠠᠢ︾ ᠪᠠᠷ | ᠵᠢᠱᠢᠶᠡᠯᠡᠬᠦ ᠳᠤ ᠮᠣᠩᠭᠤᠯᠴᠤᠳ ᠤᠨ ᠤᠩᠰᠢᠵᠤ ᠪᠠᠶᠢᠭᠰᠠᠨ ᠨᠢ ᠬᠢᠲᠠᠳ᠂ ᠣᠷᠣᠰ ᠬᠡᠯᠡᠨ ᠠᠴᠠ ᠳᠠᠮ | ᠣᠷᠴᠢᠭᠤᠯᠤᠭᠰᠠᠨ ᠣᠷᠴᠢᠭᠤᠯᠭ᠎ᠠ ᠨᠤᠭᠤᠳ᠃ ᠡᠨᠡᠬᠦ ᠶᠠᠪᠤᠴᠠ ᠳᠤ ᠦᠵᠡᠯ ᠤᠬᠠᠮᠰᠠᠷ ᠪᠣᠯᠤᠨ ᠰᠤᠶᠤᠯ ᠤᠨ | ᠤᠯᠠᠮᠵᠢᠯᠠᠯ ᠤᠨ ᠰᠢᠭᠰᠢᠭᠳᠡᠬᠦ ᠦᠵᠡᠭᠳᠡᠯ ᠡᠭᠦᠰᠦᠭᠰᠡᠨ ᠢ ᠪᠢᠳᠡ ᠪᠦᠬᠦᠨ ᠤᠶᠢᠯᠠᠭᠠᠬᠤ ᠶᠣᠰᠣᠲᠠᠢ᠃ ᠪᠢᠳᠡ | ᠡᠶᠢᠮᠦᠷᠬᠡᠦ ᠪᠦᠲᠦᠭᠡᠯ ᠢ ᠬᠦᠯᠢᠶᠡᠨ ᠠᠪᠤᠭᠠᠳ ᠪᠠᠶᠢᠪᠠᠯ ︽ᠬᠥᠷᠦᠭᠰᠡᠨ ᠴᠠᠢ︾ ᠢ ᠤᠤᠭᠤᠵᠤ ᠪᠤᠢ ᠲᠠᠢ ᠠᠳᠠᠯᠢ ᠪᠠ | ᠪᠤᠰᠤᠳ ᠤᠨ ᠭᠠᠷ ᠢᠶᠠᠷ ᠳᠠᠮᠵᠢᠭᠰᠠᠨ ᠰᠤᠶᠤᠯ ᠢ ᠬᠦᠯᠢᠶᠡᠵᠦ ᠠᠪᠴᠤ ᠪᠠᠶᠢᠭ᠎ᠠ ᠲᠠᠢ ᠠᠳᠠᠯᠢ ᠰᠢᠦ ᠳ᠋ᠡ᠃ | ᠡᠭᠦᠨ ᠠᠴᠠ ᠭᠠᠳᠠᠨ᠎ᠠ᠂ ᠪᠢ ᠥᠪᠡᠷ ᠢᠶᠠᠨ ᠡᠸ᠋ᠷᠨᠢᠰᠲ · ᠡᠾᠮᠢᠩᠸᠧᠢ ᠶᠢᠨ ᠪᠦᠲᠦᠭᠡᠯ ᠤᠳ ᠢ ᠲᠤᠩ | ᠶᠡᠭᠡ ᠰᠣᠨᠢᠷᠬᠠᠳᠠᠭ᠃ ᠡᠨᠡᠬᠦ ᠲᠤᠭᠤᠵᠢ ᠶᠢᠨ ᠭᠤᠣᠯ ᠳᠦᠷᠢ ᠪᠣᠯᠬᠤ ᠰᠠᠨᠲ᠋ᠢᠶᠠᠭᠤ᠋ ᠡᠪᠦᠭᠡᠨ ᠤ ᠨᠤᠭᠤᠷᠠᠬᠤ ᠠᠴᠠ | ᠪᠢᠰᠢ᠂ ᠬᠤᠭᠤᠷᠠᠬᠤ ᠦᠭᠡᠢ ᠡᠷ᠎ᠡ ᠵᠣᠷᠢᠭ ᠢ ᠲᠤᠩ ᠪᠢᠰᠢᠷᠡᠳᠡᠭ᠃ | | —ᠡᠨᠡᠬᠦ ᠲᠤᠭᠤᠵᠢ ᠳᠡᠯᠡᠬᠡᠢ ᠳᠤ ᠠᠯᠳᠠᠷᠰᠢᠭᠰᠠᠨ ᠤᠴᠢᠷ ᠣᠯᠠᠨ ᠬᠡᠯᠡᠨ ᠢᠶᠠᠨ ᠣᠷᠴᠢᠭᠤᠯᠤᠭᠳᠠᠭᠰᠠᠨ᠃ | ᠲᠠ ᠪᠤᠰᠤᠳ ᠬᠡᠪᠯᠡᠯ ᠤᠨ ᠲᠤᠬᠠᠢ ᠲᠠᠨᠢᠯᠴᠠᠭᠤᠯᠤᠨ᠎ᠠ ᠤᠤ︖ | —ᠪᠢ ᠥᠪᠡᠷ ᠢᠶᠠᠨ ᠮᠣᠩᠭᠤᠯ᠂ ᠬᠢᠲᠠᠳ᠂ ᠶᠠᠫᠣᠨ᠂ ᠠᠩᠭ᠍ᠯᠢ ᠬᠡᠯᠡ ᠲᠠᠢ ᠬᠦᠮᠦᠨ᠃ ᠲᠡᠶᠢᠮᠦ ᠠᠴᠠ | ᠡᠨᠡᠬᠦ ᠲᠤᠭᠤᠵᠢ ᠶᠢ ᠣᠷᠴᠢᠭᠤᠯᠬᠤ ᠠᠴᠠ ᠡᠮᠦᠨ᠎ᠡ ᠥᠪᠡᠷ ᠤᠨ ᠣᠶᠢᠯᠠᠭᠠᠳᠠᠭ ᠬᠡᠯᠡᠨ ᠳᠤ | ᠣᠷᠴᠢᠭᠤᠯᠤᠭᠳᠠᠭᠰᠠᠨ ᠬᠡᠪᠯᠡᠯ ᠤᠨ ᠣᠷᠴᠢᠭᠤᠯᠭ᠎ᠠ ᠶᠢᠨ ᠪᠦᠲᠦᠭᠡᠯ ᠤᠳ ᠢ ᠣᠯᠳᠠᠬᠤ ᠶᠢᠨ ᠬᠢᠷᠢ ᠪᠠᠷ ᠨᠢ | ᠤᠩᠰᠢᠭᠰᠠᠨ ᠶᠤᠮ᠃ ᠢᠩᠭᠢᠵᠦ ᠬᠠᠷᠢᠴᠠᠭᠤᠯᠤᠭᠰᠠᠨ ᠤ ᠳ᠋ᠦᠩ ᠳᠤ ᠬᠢᠲᠠᠳ ᠬᠡᠯᠡ ᠳᠡᠭᠡᠷ᠎ᠡ ᠪᠠᠷᠤᠭ 100 | ᠭᠠᠷᠤᠢ ᠣᠷᠴᠢᠭᠤᠯᠭ᠎ᠠ ᠪᠤᠢ ᠪᠥᠭᠡᠳ ᠣᠯᠠᠩᠬᠢ ᠨᠢ ᠠᠯᠳᠠᠷᠲᠠᠢ ᠬᠦᠮᠦᠰ ᠤᠨ ᠣᠷᠴᠢᠭᠤᠯᠭ᠎ᠠ ᠪᠣᠯᠤᠨ᠎ᠠ᠃ ᠡᠭᠦᠨ ᠳᠤ᠂ | ᠨᠡᠷᠡᠲᠦ ᠢᠷᠠᠭᠤ ᠨᠠᠶᠢᠷᠠᠭᠴᠢ ᠢᠦᠢ ᠭᠤᠸᠠᠩ ᠵᠦᠩ᠂ ᠨᠡᠷᠡᠲᠦ ᠵᠣᠬᠢᠶᠠᠯᠴᠢ ᠵᠠᠩ ᠠᠢ ᠯᠢᠩ ᠪᠣᠯᠤᠨ ᠠᠯᠳᠠᠷᠲᠤ | ᠣᠷᠴᠢᠭᠤᠯᠤᠭᠴᠢ ᠯᠢ ᠸᠧᠨ ᠵᠢᠶᠦ᠋ᠨ ᠨᠠᠷ ᠤᠨ ᠣᠷᠴᠢᠭᠤᠯᠭ᠎ᠠ ᠪᠦᠭᠦᠳᠡ ᠥᠪᠡᠷ ᠤᠨ ᠭᠡᠰᠡᠨ | ᠣᠨᠴᠠᠯᠢᠭ ᠲᠠᠢ᠃ | ᠲᠠᠶᠢᠸᠠᠨ ᠤ ᠠᠯᠳᠠᠷᠲᠤ ᠣᠷᠴᠢᠭᠤᠯᠤᠭᠴᠢ ᠴᠢᠨ ᠵᠢᠶᠦ᠋ᠨ ᠢ ᠪᠣᠯ ᠳᠠᠯᠠᠢ ᠲᠡᠩᠭᠢᠰ ᠤᠨ ᠲᠤᠬᠠᠢ | ᠲᠤᠰᠬᠠᠢ ᠮᠡᠷᠭᠡᠵᠢᠯ ᠤᠨ ᠮᠡᠳᠡᠯᠭᠡ ᠲᠠᠢ ᠤᠴᠢᠷ ᠣᠷᠴᠢᠭᠤᠯᠭ᠎ᠠ ᠨᠢ ᠲᠤᠩ ᠣᠨᠣᠪᠴᠢᠲᠠᠢ ᠪᠥᠭᠡᠳ ᠤᠷᠤᠰᠤᠮ᠎ᠠ | ᠰᠠᠶᠢᠬᠠᠨ ᠪᠠᠶᠢᠳᠠᠭ᠃ ᠯᠢ ᠸᠧᠨ ᠵᠢᠶᠦ᠋ᠨ ᠤ 80 ᠨᠠᠰᠤᠲᠠᠢ ᠦᠶ᠎ᠠ ᠳᠡᠭᠡᠨ ᠣᠷᠴᠢᠭᠤᠯᠤᠭᠰᠠᠨ | ᠣᠷᠴᠢᠭᠤᠯᠭ᠎ᠠ ᠨᠢ ᠪᠣᠭᠤᠨᠢ ᠣᠶᠢᠯᠠᠭᠠᠮᠵᠢᠲᠠᠢ᠂ ᠡᠾᠮᠢᠩᠸᠧᠢ ᠶᠢᠨ ᠬᠡᠯᠡᠨ ᠤ ᠬᠡᠪ ᠨᠠᠮᠪᠠ ᠶᠢ ᠬᠠᠳᠠᠭᠠᠯᠠᠬᠤ | ᠭᠡᠵᠦ ᠬᠢᠴᠢᠶᠡᠨ ᠠᠵᠢᠯᠯᠠᠭᠰᠠᠨ ᠨᠢ ᠲᠣᠳᠣᠷᠬᠠᠢ᠃ ᠳᠤᠮᠳᠠᠳᠤ ᠤᠯᠤᠰ ᠤᠨ ᠰᠡᠭᠦᠯ ᠤᠨ ᠦᠶ᠎ᠡ ᠶᠢᠨ ᠵᠠᠯᠠᠭᠤ | ᠣᠷᠴᠢᠭᠤᠯᠤᠭᠴᠢ ᠯᠢ ᠵᠢᠢ ᠡᠾᠦ᠋ᠩ ᠡᠮᠦᠨᠡᠬᠢ ᠬᠦᠮᠦᠰ ᠤᠨ ᠣᠷᠴᠢᠭᠤᠯᠭ᠎ᠠ ᠶᠢᠨ 1000 ᠭᠠᠷᠤᠢ ᠠᠯᠳᠠᠭ᠎ᠠ ᠶᠢ | ᠵᠢᠭᠠᠵᠤ ᠭᠠᠷᠭᠠᠨ ᠵᠠᠯᠠᠷᠠᠭᠤᠯᠤᠭᠰᠠᠨ ᠪᠢᠯᠡ᠃ ᠯᠢ ᠵᠢᠢ ᠡᠾᠦ᠋ᠩ ᠤᠨ ᠣᠷᠴᠢᠭᠤᠯᠭ᠎ᠠ ᠨᠠᠳᠠ ᠳᠤ ᠴᠤ ᠭᠡᠰᠡᠨ ᠲᠤᠩ | ᠲᠠᠭᠠᠰᠢᠶᠠᠭᠳᠠᠭᠰᠠᠨ᠃ ᠥᠭᠡᠷ᠎ᠡ ᠪᠠᠷ ᠬᠡᠯᠡᠪᠡᠯ᠂ ᠡᠸ᠋ᠷᠨᠢᠰᠲ · ᠡᠾᠮᠢᠩᠸᠧᠢ ᠤᠨ ︽ᠡᠪᠦᠭᠡᠨ ᠪᠠ ᠳᠠᠯᠠᠢ︾ | ᠬᠡᠪᠯᠡᠭᠳᠡᠭᠰᠡᠨ ᠲᠠᠪᠢᠭᠠᠳ ᠵᠢᠯ ᠤᠨ ᠬᠤᠭᠤᠴᠠᠭᠠᠨ ᠳᠤ ᠬᠢᠲᠠᠳ ᠣᠷᠴᠢᠭᠤᠯᠭ᠎ᠠ ᠦᠷᠭᠦᠯᠵᠢᠯᠡᠭᠰᠡᠭᠡᠷ ᠪᠦᠭᠡᠳ | ᠪᠠᠰᠠ ᠰᠢᠨ᠎ᠡ ᠣᠷᠴᠢᠭᠤᠯᠭ᠎ᠠ ᠬᠡᠪᠯᠡᠭᠳᠡᠭᠰᠡᠭᠡᠷ ᠪᠠᠶᠢᠨ᠎ᠠ᠃ | ᠶᠠᠫᠣᠨ ᠬᠡᠯᠡ ᠳᠡᠭᠡᠷ᠎ᠡ ᠴᠤ ᠭᠡᠰᠡᠨ ᠡᠨᠡᠬᠦ ᠲᠤᠭᠤᠵᠢ ᠶᠢ ᠣᠯᠠᠨᠲᠠ ᠣᠷᠴᠢᠭᠤᠯᠤᠭᠰᠠᠨ ᠶᠤᠮ᠃ ᠶᠠᠫᠤᠨᠴᠤᠳ | ︽ᠡᠪᠦᠭᠡᠨ ᠪᠠ ᠳᠠᠯᠠᠢ︾ ᠲᠤᠭᠤᠵᠢ ᠶᠢᠨ ᠠᠭᠤᠯᠭ᠎ᠠ ᠶᠢ ᠲᠣᠳᠣ ᠲᠣᠮᠣᠷᠠᠭᠤᠨ ᠢᠯᠡᠷᠡᠭᠦᠯᠵᠦ ᠴᠢᠳᠠᠭᠰᠠᠨ | ᠪᠠᠶᠢᠨ᠎ᠠ᠃ ᠡᠨᠡ ᠨᠢ ᠶᠠᠫᠤᠨᠴᠤᠳ ᠤᠨ ᠳᠠᠯᠠᠢ ᠲᠡᠩᠭᠢᠰ ᠪᠣᠯᠤᠨ ᠵᠢᠭᠠᠰᠤ ᠠᠩᠨᠠᠬᠤ ᠠᠮᠢᠳᠤᠷᠠᠯ ᠤᠨ ᠲᠤᠬᠠᠢ ᠰᠠᠶᠢᠨ | ᠣᠶᠢᠯᠠᠭᠠᠯᠲᠠ ᠲᠠᠢ ᠪᠠᠶᠢᠳᠠᠭ ᠲᠠᠢ ᠰᠢᠭᠤᠳ ᠬᠤᠯᠪᠣᠭ᠎ᠠ ᠲᠠᠢ᠃ ᠭᠡᠰᠡᠨ ᠬᠡᠳᠦᠢ ᠴᠤ ᠶᠠᠫᠣᠨ ᠣᠷᠴᠢᠭᠤᠯᠭ᠎ᠠ ᠶᠢᠨ | ᠦᠭᠡ ᠥᠭᠦᠯᠡᠪᠦᠷᠢ ᠪᠠᠭ᠎ᠠ ᠵᠡᠷᠭᠡ ᠰᠤᠨᠵᠢᠷᠠᠭᠤ ᠰᠠᠨᠠᠭᠳᠠᠳᠠᠭ᠃ | 2010 ᠣᠨ ᠳᠤ ᠮᠣᠩᠭᠤᠯ ᠤᠯᠤᠰ ᠲᠤ ᠠᠯᠳᠠᠷᠲᠤ ᠣᠷᠴᠢᠭᠤᠯᠤᠭᠴᠢ ᠭᠤᠳᠤᠪ ᠤᠨ ᠠᠺᠢᠮ | ︽ᠡᠪᠦᠭᠡᠨ᠂ ᠲᠠᠩᠭᠢᠰ︾ ᠭᠡᠵᠦ ᠮᠣᠩᠭᠤᠯ ᠬᠡᠯᠡᠨ ᠳᠤ ᠣᠷᠴᠢᠭᠤᠯᠤᠭᠳᠠᠭᠰᠠᠨ ᠺᠢᠷᠢᠯ ᠦᠰᠦᠭ ᠤᠨ ᠬᠡᠪᠯᠡᠯ ᠪᠤᠢ ᠶᠤᠮ᠃ | ᠬᠠᠷᠢᠨ ᠥᠪᠥᠷ ᠮᠣᠩᠭᠤᠯ ᠳᠤ ᠡᠬᠡ ᠬᠡᠯᠡᠨ ᠠᠴᠠ ᠨᠢ ᠰᠢᠭᠤᠳ ᠣᠷᠴᠢᠭᠤᠯᠤᠭᠰᠠᠨ ᠣᠷᠴᠢᠭᠤᠯᠭ᠎ᠠ ᠪᠠᠶᠢᠬᠤ | ᠦᠭᠡᠢ᠃ ᠡᠭᠦᠨ ᠠᠴᠠ ᠡᠮᠦᠨ᠎ᠡ ᠣᠷᠴᠢᠭᠤᠯᠤᠭᠴᠢ ᠡᠦ ᠯᠤᠤ ᠶᠢᠨ ᠬᠢᠲᠠᠳ ᠬᠡᠪᠯᠡᠯ ᠢ ᠮᠣᠩᠭᠤᠯ ᠬᠡᠯᠡ ᠳᠡᠭᠡᠷ᠎ᠡ | ᠣᠷᠴᠢᠭᠤᠯᠤᠭᠰᠠᠨ ᠬᠡᠪᠯᠡᠯ᠂ ᠮᠣᠩᠭᠤᠯ ᠤᠯᠤᠰ ᠤᠨ ᠰ᠊ ∙ ᠰᠠᠨᠳᠤᠭᠳᠣᠷᠵᠢ ᠶᠢᠨ ᠣᠷᠣᠰ ᠬᠡᠯᠡᠨ ᠠᠴᠠ ᠳᠠᠮ | ᠣᠷᠴᠢᠭᠤᠯᠤᠭᠰᠠᠨ ᠺᠢᠷᠢᠯ ᠪᠢᠴᠢᠭ ᠤᠨ ᠬᠡᠪᠯᠡᠯ ᠢ ᠳᠠᠬᠢᠨ ᠪᠣᠰᠤᠭ᠎ᠠ ᠮᠣᠩᠭᠤᠯ ᠪᠢᠴᠢᠭ ᠲᠤ ᠬᠥᠷᠪᠡᠭᠦᠯᠦᠭᠰᠡᠨ | ᠬᠡᠪᠯᠡᠯ ᠤᠳ ᠯᠠ ᠪᠠᠶᠢᠳᠠᠭ᠃ | —︽ᠡᠪᠦᠭᠡᠨ ᠪᠠ ᠳᠠᠯᠠᠢ︾ ᠲᠤᠭᠤᠵᠢ ᠶᠢ ᠤᠷᠴᠢᠭᠤᠯᠬᠤ ᠶᠠᠪᠤᠴᠠ ᠳᠤ ᠲᠣᠬᠢᠶᠠᠯᠳᠤᠭᠰᠠᠨ ᠪᠡᠷᠬᠡᠰᠢᠶᠡᠯ ᠤᠳ | ᠶᠠᠭᠤ ᠪᠠᠶᠢᠨ᠎ᠠ︖ | —ᠡᠭᠦᠨ ᠢ ᠬᠡᠯᠡᠬᠦ ᠠᠴᠠ ᠡᠮᠦᠨ᠎ᠡ ᠡᠸ᠋ᠷᠨᠢᠰᠲ · ᠡᠾᠮᠢᠩᠸᠧᠢ ᠶᠢᠨ ᠵᠣᠬᠢᠶᠠᠯ ᠪᠦᠲᠦᠭᠡᠯ ᠤᠳ ᠤᠨ ᠬᠡᠯᠡᠨ ᠤ | ᠬᠡᠪ ᠮᠠᠶ᠋ᠢᠭ ᠤᠨ ᠲᠤᠬᠠᠢ ᠲᠣᠪᠴᠢᠬᠠᠨ ᠬᠡᠯᠡᠶ᠎ᠡ᠃ ᠡᠸ᠋ᠷᠨᠢᠰᠲ · ᠡᠾᠮᠢᠩᠸᠧᠢ ᠶᠢᠨ ᠬᠡᠯᠡᠨ ᠤ ᠬᠡᠪ ᠮᠠᠶ᠋ᠢᠭ ᠪᠣᠯ | ᠲᠤᠩ ᠲᠣᠪᠴᠢ ᠠᠪᠰᠠᠷᠬᠠᠨ᠂ ᠴᠥᠭᠡᠨ ᠦᠭᠡ ᠪᠠᠷ ᠭᠦᠨ ᠰᠠᠨᠠᠭ᠎ᠠ ᠶᠢ ᠢᠯᠡᠳᠬᠡᠳᠡᠭ ᠢᠶᠠᠷ ᠢᠶᠠᠨ ᠣᠨᠴᠠᠯᠢᠭ | ᠶᠤᠮ᠃ ᠲᠡᠭᠦᠨ ᠤ ᠡᠨᠡᠬᠦ ᠲᠤᠭᠤᠵᠢ ᠶᠢᠨ ᠠᠩᠭ᠍ᠯᠢ ᠬᠡᠯᠡᠨ ᠤ ᠬᠡᠪᠯᠡᠯ ᠨᠢ 100 ᠣᠷᠴᠢᠮ ᠬᠠᠭᠤᠳᠠᠰᠤ ᠲᠠᠢ᠃ | ᠡᠭᠦᠨ ᠢ ᠮᠣᠩᠭᠤᠯ ᠬᠡᠯᠡ ᠳᠡᠭᠡᠷ᠎ᠡ ᠣᠷᠴᠢᠭᠤᠯᠪᠠᠯ ᠶᠠᠭᠠᠬᠢᠵᠦ ᠡᠨᠡ ᠬᠠᠭᠤᠳᠠᠰᠤᠨ ᠤ ᠬᠡᠮᠵᠢᠶᠡᠨ ᠠᠴᠠ | ᠬᠡᠲᠦᠷᠡᠭᠦᠯᠬᠦ ᠦᠭᠡᠢ ᠪᠥᠭᠡᠳ ᠵᠣᠬᠢᠶᠠᠭᠴᠢ ᠶᠢᠨ ᠤᠭ ᠰᠠᠨᠠᠭ᠎ᠠ᠂ ᠬᠡᠪ ᠪᠠᠶᠢᠳᠠᠯ ᠢ ᠨᠢ ᠠᠯᠳᠠᠭᠳᠠᠬᠤ ᠦᠭᠡᠢ | ᠪᠠᠶᠢᠬᠤ ᠳᠤ ᠲᠤᠩ ᠬᠢᠴᠢᠶᠡᠭᠰᠡᠨ᠃ ᠬᠠᠮᠤᠭ ᠤᠨ ᠡᠴᠦᠰ ᠲᠤ ᠨᠢ ᠮᠣᠩᠭᠤᠯ ︽ᠡᠪᠦᠭᠡᠨ ᠪᠠ ᠳᠠᠯᠠᠢ︾ ᠨᠢ ᠵᠢᠭᠠᠰᠤᠨ ᠤ | ᠲᠠᠶᠢᠯᠪᠤᠷᠢ ᠵᠢᠷᠤᠭ ᠤᠳ ᠢᠶᠠᠨ ᠬᠠᠮᠤᠷᠤᠭᠤᠯᠤᠭᠠᠳ ᠨᠡᠶᠢᠲᠡ 186 ᠬᠠᠭᠤᠳᠠᠰᠤ ᠲᠠᠢ ᠪᠣᠯᠭᠠᠭᠰᠠᠨ ᠪᠠᠶᠢᠨ᠎ᠠ᠃ | ᠡᠨᠡ ᠨᠢ ᠬᠡᠦᠬᠡᠳ ᠤᠳ ᠤᠩᠰᠢᠬᠤ ᠳᠤ ᠰᠣᠨᠢᠷᠬᠠᠯᠲᠠᠢ ᠪᠣᠯᠭᠠᠬᠤ ᠶᠢᠨ ᠲᠤᠯᠠᠳᠠ ᠲᠡᠳᠡᠨ ᠤ | ᠬᠠᠷᠠᠭ᠎ᠠ ᠶᠢ ᠨᠢ ᠬᠠᠮᠠᠭᠠᠯᠠᠬᠤ ᠵᠣᠷᠢᠯᠭ᠎ᠠ ᠪᠠᠷ ᠦᠰᠦᠭ ᠢᠶᠠᠨ ᠲᠣᠮᠣ ᠬᠡᠪᠯᠡᠭᠰᠡᠨ ᠠᠴᠠ ᠰᠢᠯᠲᠠᠭᠠᠯᠠᠭᠰᠠᠨ ᠪᠠᠶᠢᠨ᠎ᠠ᠃ | ᠡᠭᠦᠨ ᠠᠴᠠ ᠭᠠᠳᠠᠨ᠎ᠠ᠂ ᠲᠤᠰ ᠲᠤᠭᠤᠵᠢ ᠳᠤ ᠡᠪᠦᠭᠡᠨ ᠤ ᠵᠢᠭᠠᠰᠤ ᠲᠠᠢ ᠲᠡᠮᠡᠴᠡᠯᠳᠦᠵᠦ ᠪᠠᠶᠢᠭ᠎ᠠ | ᠦᠶ᠎ᠡ ᠶᠢᠨ ᠬᠥᠳᠡᠯᠭᠡᠭᠡᠨ ᠢ ᠲᠤᠩ ᠨᠠᠷᠢᠨ ᠳᠦᠷᠰᠦᠯᠡᠨ ᠪᠢᠴᠢᠭᠰᠡᠨ ᠪᠠᠶᠢᠳᠠᠭ᠃ ᠮᠣᠩᠭᠤᠯ ᠬᠡᠯᠡᠨ ᠳᠤ | ᠣᠨᠣᠪᠴᠢᠲᠠᠢ ᠣᠷᠴᠢᠭᠤᠯᠬᠤ ᠶᠢᠨ ᠲᠤᠯᠠᠳᠠ ᠪᠢ ᠥᠪᠡᠷ ᠢᠶᠠᠨ ᠴᠤ ᠳᠡᠭᠡᠰᠦ ᠣᠯᠵᠤ ᠪᠠᠶᠢᠭᠠᠳ ᠵᠡᠭᠦᠨ ᠪᠠᠷᠠᠭᠤᠨ | ᠬᠤᠶᠠᠷ ᠮᠥᠷᠦᠨ ᠳᠡᠭᠡᠷ᠎ᠡ ᠪᠠᠨ ᠡᠭᠡᠯᠵᠢ ᠪᠠᠷ ᠲᠠᠯᠪᠢᠵᠤ ᠦᠵᠡᠵᠦ ᠪᠠᠶᠢᠭᠠᠳ ᠣᠷᠴᠢᠭᠤᠯᠤᠭᠰᠠᠨ᠃ ᠵᠠᠷᠢᠮ | ᠬᠡᠰᠡᠭ ᠤᠨ ᠠᠭᠤᠯᠭ᠎ᠠ ᠶᠢᠨ ᠵᠢᠷᠤᠭ ᠢ ᠴᠤ ᠵᠢᠷᠤᠵᠤ ᠦᠵᠡᠯ᠎ᠡ᠃ ᠣᠯᠠᠨ ᠬᠡᠯᠡ ᠳᠡᠭᠡᠷᠡᠬᠢ ᠬᠡᠪᠯᠡᠯ ᠤᠳ ᠢ | ᠯᠠᠪᠯᠠᠭᠰᠠᠨ ᠪᠣᠯᠬᠤᠷ ᠪᠢ ᠣᠶᠢᠷᠠᠯᠴᠠᠭ᠎ᠠ ᠪᠠᠷ ᠨᠢᠭᠡ ᠵᠢᠯ ᠤᠨ ᠬᠤᠭᠤᠴᠠᠭ᠎ᠠ ᠲᠠᠢ ᠪᠡᠯᠡᠳᠭᠡᠭᠰᠡᠨ ᠪᠠᠶᠢᠵᠠᠢ᠃ | ᠲᠡᠭᠡᠭᠡᠳ ᠭᠤᠷᠪᠠᠨ ᠰᠠᠷ᠎ᠠ ᠶᠢᠨ ᠬᠤᠭᠤᠴᠠᠭ᠎ᠠ ᠲᠠᠢ ᠣᠷᠴᠢᠭᠤᠯᠤᠭᠰᠠᠨ ᠪᠠᠶᠢᠨ᠎ᠠ᠃ ᠡᠳᠦᠷ ᠪᠦᠷᠢ ᠭᠠᠭᠴᠠ ᠯᠠ | ᠬᠠᠭᠤᠳᠠᠰᠤ ᠣᠷᠴᠢᠭᠤᠯᠳᠠᠭ᠃ ᠣᠷᠴᠢᠭᠤᠯᠵᠤ ᠳᠠᠭᠤᠰᠤᠭᠰᠠᠨ ᠤ ᠳᠠᠷᠠᠭ᠎ᠠ ᠭᠡᠷᠭᠡᠢ ᠳᠤ ᠪᠠᠨ ᠤᠩᠰᠢᠵᠤ | ᠥᠭᠭᠦᠭᠡᠳ ᠣᠶᠢᠯᠠᠭᠠᠮᠵᠢᠲᠠᠢ ᠭᠡᠪᠡᠯ ᠦᠷᠭᠦᠯᠵᠢᠯᠡᠨ ᠣᠷᠴᠢᠭᠤᠯᠳᠠᠭ ᠪᠠᠶᠢᠪᠠ᠃ | —ᠮᠣᠩᠭᠤᠯᠴᠤᠳ ᠳᠠᠯᠠᠢ ᠠᠴᠠ ᠬᠤᠯᠠ ᠠᠮᠢᠳᠤᠷᠠᠳᠠᠭ ᠤᠴᠢᠷ ᠮᠣᠩᠭᠤᠯ ᠬᠡᠯᠡᠨ ᠤ ᠡᠨᠡ ᠲᠠᠯᠠᠷᠬᠢ | ᠦᠭᠡᠰ ᠤᠨ ᠰᠠᠩ ᠳᠤᠲᠠᠮᠠᠭ ᠪᠠᠶᠢᠨ᠎ᠠ ᠭᠡᠵᠦ ᠶᠡᠬᠡᠩᠬᠢ ᠬᠦᠮᠦᠰ ᠡᠷᠡᠭᠡᠯᠵᠡᠳᠡᠭ ᠪᠠᠶᠢᠬᠤ ᠪᠠᠶᠢᠬ᠎ᠠ᠃ ᠲᠠ | ᠬᠠᠷᠢᠨ ᠡᠭᠦᠨ ᠢ ᠪᠡᠷᠬᠡᠰᠢᠶᠡᠯ ᠳᠤ ᠲᠣᠭᠠᠴᠠᠭ᠎ᠠ ᠦᠭᠡᠢ ᠶᠢᠨ ᠤᠴᠢᠷ ᠶᠠᠭᠤ ᠪᠣᠯ︖ | —ᠮᠣᠩᠭᠤᠯ ᠬᠡᠯᠡᠨ ᠤ ᠦᠭᠡᠰ ᠤᠨ ᠰᠠᠩ ᠤᠨ ᠨᠥᠭᠡᠴᠡ ᠦᠨᠡᠨ ᠳᠤ ᠪᠠᠨ ᠲᠤᠩ ᠪᠠᠶᠠᠯᠢᠭ ᠪᠠᠶᠢᠳᠠᠭ᠃ | ᠮᠣᠩᠭᠤᠯ ᠬᠡᠯᠡᠨ ᠤ ᠦᠭᠡᠰ ᠤᠨ ᠰᠠᠩ ᠤᠨ ᠪᠠᠶᠠᠨ ᠨᠥᠭᠡᠴᠡ ᠲᠠᠢ ᠭᠡᠳᠡᠭ ᠢ ᠪᠢ ᠥᠪᠡᠷ ᠢᠶᠠᠨ ᠴᠤ | ᠣᠷᠴᠢᠭᠤᠯᠭ᠎ᠠ ᠪᠠᠷ ᠳᠠᠮᠵᠢᠨ ᠪᠢᠰᠢᠷᠡᠨ ᠭᠠᠶᠢᠬᠠᠭᠰᠠᠨ ᠢ ᠲᠠᠨ ᠳᠤ ᠨᠢᠭᠤᠯ ᠦᠭᠡᠢ ᠬᠡᠯᠡᠶ᠎ᠡ᠃ ᠵᠢᠭᠠᠰᠤ᠂ ᠵᠢᠭᠠᠰᠤ | ᠠᠩᠨᠠᠬᠤ᠂ ᠳᠠᠯᠠᠢ ᠲᠡᠩᠭᠢᠰ᠂ ᠤᠰᠤᠨ ᠣᠩᠭᠤᠴᠠ ᠲᠠᠢ ᠬᠤᠯᠪᠣᠭᠳᠠᠭᠰᠠᠨ ᠣᠨᠣᠭᠠᠭᠰᠠᠨ ᠨᠡᠷ᠎ᠡ ᠮᠣᠩᠭᠤᠯ ᠬᠡᠯᠡᠨ ᠳᠤ | ᠪᠦᠷ ᠪᠠᠶᠢᠳᠠᠭ ᠪᠥᠭᠡᠳ ᠠᠮᠢᠳᠤ ᠶᠠᠷᠢᠶᠠᠨ ᠤ ᠬᠡᠯᠡ ᠪᠣᠯᠤᠨ ︽ᠮᠣᠩᠭᠤᠯ ᠤᠨ ᠨᠢᠭᠤᠴᠠ ᠲᠣᠪᠴᠢᠶ᠎ᠠ︾ ᠵᠡᠷᠭᠡ | ᠡᠷᠲᠡᠨ ᠤ ᠰᠤᠷᠪᠤᠯᠵᠢ ᠪᠢᠴᠢᠭ ᠤᠳ ᠠᠴᠠ ᠪᠦᠭᠦᠳᠡ ᠶᠢ ᠬᠠᠶᠢᠵᠤ ᠣᠯᠵᠤ ᠪᠣᠯᠳᠠᠭ᠃ ᠬᠠᠷᠢᠨ ᠪᠢᠳᠡ | ᠥᠪᠡᠷ ᠢᠶᠠᠨ ᠡᠪᠦᠭᠡ ᠳᠡᠭᠡᠳᠦᠰ ᠤᠨ ᠢᠶᠠᠨ ᠪᠢᠳᠡᠨ ᠳᠤ ᠦᠯᠡᠳᠡᠭᠡᠵᠦ ᠥᠭᠭᠦᠭᠰᠡᠨ ᠡᠨᠡᠬᠦ ᠪᠠᠶᠠᠨ ᠰᠠᠩ ᠢ | ᠠᠰᠢᠭᠯᠠᠬᠤ ᠦᠭᠡᠢ ᠪᠠᠶᠢᠭᠰᠠᠭᠠᠷ ᠪᠠᠶᠢᠵᠦ ᠵᠠᠯᠠᠭᠤ ᠨᠢᠭᠡ ᠦᠶ᠎ᠡ ᠶᠢᠨ ᠬᠢᠨ ᠨᠡᠩ ᠮᠡᠳᠡᠬᠦ ᠦᠭᠡᠢ᠂ ᠣᠶᠢᠯᠠᠭᠠᠬᠤ | ᠦᠭᠡᠢ ᠬᠡᠮᠵᠢᠶᠡᠨ ᠳᠤ ᠬᠦᠷᠦᠭᠰᠡᠨ᠃ | ᠵᠢᠱᠢᠶᠡᠯᠡᠭᠡᠳ ᠬᠡᠯᠡᠪᠡᠯ᠂ ︽ᠵᠠᠭᠠᠷᠴᠠᠭ︾ ᠭᠡᠵᠦ ᠵᠢᠭᠠᠰᠤᠨ ᠰᠦᠷᠦᠭ ᠢ ᠨᠡᠷᠡᠯᠡᠭᠰᠡᠨ ᠪᠠᠶᠢᠳᠠᠭ᠃ ︽ᠬᠠᠪᠰᠢᠨᠠ︾ | ᠭᠡᠵᠦ ᠶᠡᠭᠡ ᠵᠢᠭᠠᠰᠤ ᠪᠠᠭ᠎ᠠ ᠵᠢᠭᠠᠰᠤ ᠪᠠᠨ ᠵᠠᠯᠭᠢᠬᠤ ᠶᠢ ᠬᠡᠯᠡᠵᠦ ᠪᠠᠶᠢᠨ᠎ᠠ᠃ ︽ᠳᠤᠯᠠᠨ ᠵᠢᠭᠠᠰᠤ︾ ᠭᠡᠵᠦ ᠠᠪᠤᠷᠭᠤ | ᠵᠢᠭᠠᠰᠤ ᠶᠢ ᠨᠡᠷᠡᠯᠡᠵᠦ ᠪᠠᠶᠢᠭ᠎ᠠ ᠪᠥᠭᠡᠳ ︽ᠤᠯᠪᠠ ᠵᠢᠭᠠᠰᠤ︾ ᠶᠢᠨ ︽ᠤᠯᠪᠠ︾ ᠨᠢ ᠮᠢᠬᠠᠨ ᠵᠢᠭᠦᠷ ᠲᠠᠢ ᠠᠮᠢᠲᠠᠨ ᠢ | ᠨᠡᠷᠡᠯᠡᠳᠡᠭ ᠲᠤᠰᠬᠠᠢ ᠨᠡᠷ᠎ᠡ ᠦᠭᠡ ᠨᠦᠭᠦᠳ ᠪᠠᠶᠢᠳᠠᠭ ᠪᠠᠶᠢᠨ᠎ᠠ᠃ ᠡᠭᠦᠨ ᠠᠴᠠ ᠭᠠᠳᠠᠨ᠎ᠠ᠂ ᠠᠯᠢ ᠪᠣᠯᠬᠤᠷ ᠤᠭ | ᠰᠠᠨᠠᠭ᠎ᠠ ᠶᠢ ᠬᠤᠪᠢᠷᠠᠭᠤᠯᠬᠤ ᠦᠭᠡᠢ ᠪᠠᠶᠢᠳᠠᠯ ᠳᠤ ᠮᠣᠩᠭᠤᠯ ᠬᠡᠯᠡᠨ ᠤ ᠬᠡᠷᠡᠭᠯᠡᠭᠡᠨ ᠳᠤ ᠵᠣᠬᠢᠴᠠᠭᠤᠯᠤᠨ ᠵᠠᠷᠢᠮ | ᠦᠭᠡ ᠶᠢ ᠣᠷᠴᠢᠭᠤᠯᠤᠭᠰᠠᠨ᠃ ᠵᠢᠱᠢᠶᠡᠯᠡᠪᠡᠯ᠂ ︽ᠵᠢᠭᠠᠰᠤ ᠤᠶᠠᠭ᠎ᠠ ᠲᠣᠭᠤᠷᠢᠨ ᠡᠷᠭᠢᠬᠦ᠁︾᠂ ︽ᠡᠪᠦᠭᠡᠨ ᠪᠢ | ᠰᠡᠭᠦᠳᠡᠷ ᠠᠴᠠ ᠪᠠᠨ ᠥᠭᠡᠷ᠎ᠡ ᠬᠠᠨᠢ ᠦᠭᠡᠢ ᠭᠡᠬᠦ ᠳᠤ ᠵᠢᠭᠠᠰᠤ ᠴᠤ ᠰᠡᠭᠦᠯ ᠠᠴᠠ ᠪᠠᠨ ᠥᠭᠡᠷ᠎ᠡ ᠨᠥᠬᠦᠷ ᠦᠭᠡᠢ︾᠂ | ︽ᠲᠡᠩᠭᠢᠰ ᠤᠨ ᠮᠠᠨᠳᠤᠯ ᠠᠭᠤᠯᠠ ᠰᠢᠭ᠋ ᠣᠪᠤᠶᠢᠨ ᠡᠷᠭᠦᠭᠳᠡᠵᠦ᠁︾᠂ ︽ᠤᠰᠤ ᠬᠠᠭᠠᠷᠠᠨ ᠢᠷᠠᠭᠳᠠᠬᠤ ᠨᠦᠰᠡᠷ | ᠪᠢᠲᠡᠭᠦᠦ ᠳᠠᠭᠤᠨ ᠪᠣᠯᠤᠨ᠁ ᠤᠰᠤ ᠴᠠᠯᠭᠢᠬᠤ ᠬᠦᠨᠳᠦ ᠱᠤᠤᠭᠢᠶᠠᠨ᠁︾ ᠭᠡᠬᠦ ᠵᠡᠷᠭᠡ ᠪᠠᠶᠢᠨ᠎ᠠ᠃ | ᠮᠡᠳᠡᠭᠡᠵᠢ ᠬᠠᠮᠤᠭ ᠤᠨ ᠡᠴᠦᠰ ᠲᠤ ᠬᠢᠷᠢ ᠵᠡᠷᠭᠡ ᠣᠷᠴᠢᠭᠤᠯᠤᠭᠰᠠᠨ ᠢ ᠤᠩᠰᠢᠭᠴᠢᠳ ᠮᠠᠨᠢ ᠯᠠ ᠦᠨᠡᠯᠡᠨ᠎ᠡ᠃ | ᠮᠣᠩᠭᠤᠯ ᠬᠡᠯᠡᠨ ᠤ ᠮᠠᠨᠢ ᠪᠠᠶᠠᠨ ᠨᠥᠭᠡᠴᠡ ᠶᠢ ᠲᠠᠨᠢᠵᠤ ᠣᠯᠤᠭᠰᠠᠨ ᠶᠠᠪᠤᠳᠠᠯ ᠨᠢ ᠡᠨᠡᠬᠦ ᠲᠤᠭᠤᠵᠢ ᠶᠢ | ᠠᠩᠭ᠍ᠯᠢ ᠬᠡᠯᠡᠨ ᠠᠴᠠ ᠨᠢ ᠰᠢᠭᠤᠳ ᠮᠣᠩᠭᠤᠯ ᠬᠡᠯᠡᠨ ᠳᠤ ᠣᠷᠴᠢᠭᠤᠯᠤᠭᠰᠠᠨ ᠤ ᠵᠢᠩᠬᠢᠨᠢ ᠦᠨ᠎ᠡ ᠥᠷᠲᠡᠭ | ᠪᠣᠯᠤᠭᠰᠠᠨ ᠪᠠᠶᠢᠨ᠎ᠠ᠃ ᠮᠥᠨ ᠮᠢᠨᠦ ᠬᠠᠮᠤᠭ ᠤᠨ ᠲᠣᠮᠣ ᠣᠯᠵᠠ ᠪᠣᠯᠵᠠᠢ᠃ ᠮᠣᠩᠭᠤᠯ ᠬᠡᠯᠡ ᠮᠠᠨᠢ ᠠᠯᠢ ᠴᠤ | ᠦᠨᠳᠦᠰᠦᠲᠡᠨ ᠤ ᠵᠣᠬᠢᠶᠠᠯ ᠪᠦᠲᠦᠭᠡᠯ ᠤᠳ ᠢ ᠣᠷᠴᠢᠭᠤᠯᠬᠤ ᠳᠤ ᠪᠦᠷᠢᠨ ᠬᠠᠩᠭᠠᠯᠲᠠᠢ ᠪᠠᠶᠠᠯᠢᠭ ᠪᠠᠶᠢᠳᠠᠭ᠃ | —ᠲᠠ ᠵᠠᠯᠠᠭᠤᠴᠤᠳ ᠲᠤ ᠵᠣᠷᠢᠭᠤᠯᠵᠤ ᠶᠠᠭᠤ ᠬᠡᠯᠡᠮᠡᠷ ᠪᠠᠶᠢᠨ᠎ᠠ︖ | —ᠭᠠᠳᠠᠭᠠᠳᠤ ᠤᠷᠠᠨ ᠵᠣᠬᠢᠶᠠᠯ ᠤᠳ ᠢ ᠡᠬᠡ ᠬᠡᠯᠡ ᠪᠠᠷ ᠨᠢ ᠤᠩᠰᠢᠭᠰᠠᠨ ᠮᠣᠩᠭᠤᠯ ᠳᠡᠭᠦᠦ ᠨᠠᠷ ᠡᠳᠦᠷ ᠤᠨ | ᠣᠳᠣ ᠰᠢᠭ᠋ ᠴᠥᠭᠡᠨ ᠭᠡᠵᠦ ᠬᠡᠯᠡᠵᠦ ᠪᠣᠯᠤᠨ᠎ᠠ᠃ ᠡᠨᠡ ᠨᠢ ᠮᠣᠩᠭᠤᠯᠴᠤᠳ ᠳᠡᠯᠡᠬᠡᠢ ᠶᠢᠨ ᠰᠢᠯᠢᠳᠡᠭ ᠤᠷᠠᠨ | ᠵᠣᠬᠢᠶᠠᠯ ᠲᠠᠢ ᠰᠢᠭᠤᠳ ᠲᠠᠨᠢᠯᠴᠠᠵᠤ ᠴᠢᠳᠠᠬᠤ ᠦᠭᠡᠢ ᠪᠠᠶᠢᠭ᠎ᠠ ᠶᠢᠨ ᠴᠢᠬᠤᠯᠠ ᠨᠢᠭᠡᠨ ᠰᠢᠯᠲᠠᠭᠠᠨ ᠭᠡᠵᠦ ᠪᠢ | ᠦᠵᠡᠵᠦ ᠪᠠᠶᠢᠨ᠎ᠠ᠃ ᠴᠢᠨᠠᠭᠰᠢᠳᠠ ᠥᠨᠥᠳᠥᠷ ᠤᠨ ᠮᠣᠩᠭᠤᠯ ᠤᠷᠠᠨ ᠵᠣᠬᠢᠶᠠᠯ ᠳᠡᠯᠡᠬᠡᠢ ᠶᠢᠨ ᠲᠥᠪᠰᠢᠨ ᠳᠤ | ᠬᠦᠷᠦᠭᠰᠡᠨ ᠵᠣᠬᠢᠶᠠᠯ ᠴᠤ ᠭᠠᠷᠴᠤ ᠠᠮᠵᠢᠭ᠎ᠠ ᠦᠭᠡᠢ ᠶᠢᠨ ᠰᠢᠯᠲᠠᠭᠠᠨ ᠡᠨᠡ ᠮᠥᠨ ᠪᠣᠯᠪᠠ ᠤᠤ ᠭᠡᠵᠦ ᠪᠢ | ᠦᠷᠭᠦᠯᠵᠢ ᠰᠡᠳᠬᠢᠳᠡᠭ᠃ | ᠣᠷᠴᠢᠭᠤᠯᠭ᠎ᠠ ᠪᠣᠯ ᠨᠢᠭᠡ ᠦᠨᠳᠦᠰᠦᠲᠡᠨ ᠤ ᠤᠷᠠᠨ ᠵᠣᠬᠢᠶᠠᠯ ᠪᠣᠯᠤᠨ ᠰᠤᠶᠤᠯ ᠤᠨ ᠬᠥᠭᠵᠢᠯ ᠤᠨ ᠬᠢᠷᠢ | ᠲᠥᠪᠰᠢᠨ ᠢ ᠬᠠᠷᠠᠭᠤᠯᠵᠤ ᠴᠢᠳᠠᠬᠤ ᠴᠢᠬᠤᠯᠠ ᠪᠠᠷᠢᠮᠵᠢᠶ᠎ᠠ ᠪᠤᠯᠬᠤ ᠶᠤᠮ᠃ ᠨᠢᠭᠡ ᠦᠨᠳᠦᠰᠦᠲᠡᠨ ᠳᠡᠯᠡᠬᠡᠢ ᠶᠢᠨ | ᠰᠤᠶᠤᠯ ᠤᠨ ᠲᠡᠷᠢᠭᠦᠨ ᠤ ᠡᠩᠨᠡᠭᠡ ᠳᠤ ᠶᠠᠪᠤᠨ᠎ᠠ ᠭᠡᠪᠡᠯ ᠵᠠᠪᠠᠯ ᠪᠤᠰᠤᠳ ᠦᠨᠳᠦᠰᠦᠲᠡᠨ ᠤ ᠰᠢᠯᠢᠳᠡᠭ ᠰᠤᠶᠤᠯ ᠢ | ᠰᠤᠷᠤᠯᠴᠠᠬᠤ ᠶᠢᠨ ᠵᠡᠷᠭᠡᠴᠡᠭᠡ ᠥᠪᠡᠷ ᠤᠨ ᠦᠨᠳᠦᠰᠦᠲᠡᠨ ᠤ ᠪᠠᠨ ᠰᠢᠯᠢᠳᠡᠭ ᠰᠤᠶᠤᠯ ᠢ ᠳᠡᠯᠡᠬᠡᠢ ᠳ᠋ᠠᠬᠢᠨ ᠳᠤ | ᠲᠠᠨᠢᠭᠤᠯᠬᠤ ᠶᠣᠰᠣᠲᠠᠢ᠃ ᠡᠨᠡᠬᠦ ᠶᠠᠪᠤᠴᠠ ᠳᠤ ᠣᠷᠴᠢᠭᠤᠯᠭ᠎ᠠ᠂ ᠲᠡᠷᠡ ᠳᠤᠮᠳᠠ ᠪᠠᠨ ᠮᠠᠰᠢ ᠰᠠᠶᠢᠨ | ᠣᠷᠴᠢᠭᠤᠯᠭ᠎ᠠ ᠱᠠᠭᠠᠷᠳᠠᠭᠳᠠᠨ᠎ᠠ᠃ | ᠣᠳᠣ ᠶᠢᠨ ᠵᠠᠯᠠᠭᠤᠴᠤᠳ ᠤᠨ ᠠᠩᠭ᠍ᠯᠢ ᠬᠡᠯᠡᠨ ᠤ ᠬᠢᠷᠢ ᠲᠥᠪᠰᠢᠨ ᠨᠠᠳᠠ ᠠᠴᠠ ᠰᠠᠶᠢᠨ ᠪᠠᠶᠢᠨ᠎ᠠ᠃ ᠡᠶᠢᠮᠦ | ᠤᠴᠢᠷ ᠵᠠᠯᠠᠭᠤ ᠦᠶ᠎ᠡ ᠶᠢᠨ ᠬᠢᠨ ᠭᠠᠳᠠᠭᠠᠳᠤ ᠤᠷᠠᠨ ᠵᠣᠬᠢᠶᠠᠯ ᠤᠳ ᠢ ᠤᠭ ᠬᠡᠯᠡ ᠪᠠᠷ ᠨᠢ ᠤᠩᠰᠢᠬᠤ ᠶᠢ | ᠴᠢᠬᠤᠯᠠᠴᠢᠯᠠᠬᠤ ᠶᠢᠨ ᠵᠡᠷᠭᠡᠴᠡᠭᠡ ᠨᠡᠩ ᠴᠢᠬᠤᠯᠠ ᠨᠢ ᠥᠪᠡᠷ ᠤᠨ ᠦᠨᠳᠦᠰᠦᠲᠡᠨ ᠤ ᠰᠢᠯᠢᠳᠡᠭ | ᠪᠦᠲᠦᠭᠡᠯ ᠤᠳ ᠢᠶᠠᠨ ᠳᠡᠯᠡᠬᠡᠢ ᠶᠢᠨ ᠬᠦᠮᠦᠰ ᠲᠤ ᠲᠠᠨᠢᠯᠴᠠᠭᠤᠯᠬᠤ ᠶᠠᠪᠤᠳᠠᠯ ᠶᠤᠮ᠃ ᠡᠭᠦᠨ ᠳᠤ ᠭᠠᠭᠴᠠ | ᠭᠠᠳᠠᠭᠠᠳᠤ ᠬᠡᠯᠡ ᠶᠢ ᠯᠠ ᠰᠠᠶᠢᠨ ᠰᠤᠷᠤᠭᠰᠠᠨ ᠪᠠᠶᠢᠵᠦ ᠪᠤᠯᠬᠤ ᠦᠬᠡᠢ᠂ ᠬᠠᠷᠢᠨ ᠡᠬᠡ ᠬᠡᠯᠡ ᠪᠠᠨ ᠮᠠᠷᠲᠠᠬᠤ | ᠦᠭᠡᠢ ᠶᠢᠨ ᠦᠨᠳᠦᠰᠦᠨ ᠳᠡᠭᠡᠷ᠎ᠡ ᠪᠤᠰᠤᠳ ᠬᠡᠯᠡ ᠪᠤᠶᠤ ᠪᠤᠰᠤᠳ ᠲᠠᠯ᠎ᠠ ᠶᠢᠨ ᠮᠡᠳᠡᠯᠭᠡ ᠨᠦᠭᠦᠳ ᠢ | ᠰᠠᠶᠢᠨ ᠡᠵᠡᠮᠰᠢᠬᠦ ᠶᠣᠰᠣᠲᠠᠢ᠃ ᠪᠢᠳᠡᠨ ᠤ ᠵᠠᠯᠠᠭᠤᠴᠤᠳ ᠠᠵᠢᠯᠯᠠᠵᠤ᠂ ᠠᠮᠢᠳᠤᠷᠠᠬᠤ᠂ ᠦᠢᠯᠡᠰ | ᠪᠦᠲᠦᠭᠡᠬᠦ ᠳᠤ ᠪᠠᠨ ︽ᠡᠪᠦᠭᠡᠨ ᠪᠠ ᠳᠠᠯᠠᠢ︾ ᠲᠤᠭᠤᠵᠢ ᠲᠠᠬᠢ ᠡᠪᠦᠭᠡᠨ ᠠᠳᠠᠯᠢ ᠡᠷ᠎ᠡ ᠵᠣᠷᠢᠭ ᠢᠶᠠᠷ | ᠠᠵᠢᠯᠯᠠᠪᠠᠯ ᠯᠠᠪᠲᠠᠢ ᠠᠮᠵᠢᠯᠲᠠ ᠳᠤ ᠬᠦᠷᠴᠦ ᠴᠢᠳᠠᠨ᠎ᠠ ᠭᠡᠳᠡᠭ ᠲᠤ ᠢᠲᠡᠭᠡᠯ ᠲᠠᠢ ᠪᠠᠶᠢᠨ᠎ᠠ᠃ — | ᠪᠢᠳᠡᠨ ᠤ ᠤᠷᠢᠯᠭ᠎ᠠ ᠶᠢ ᠬᠦᠯᠢᠶᠡᠨ ᠠᠪᠴᠤ ᠰᠤᠷᠪᠤᠯᠵᠢᠯᠠᠭ᠎ᠠ ᠥᠭᠭᠦᠭᠰᠡᠨ ᠲᠠᠨ ᠳᠤ ᠪᠠᠶᠠᠷᠯᠠᠯ᠎ᠠ᠃ ᠲᠠᠨ ᠳᠤ | ᠠᠵᠢᠯ ᠤᠨ ᠥᠨᠳᠥᠷ ᠠᠮᠵᠢᠯᠲᠠ ᠶᠢ ᠬᠦᠰᠡᠶ᠎ᠡ᠃ | —ᠪᠠᠶᠠᠷᠯᠠᠯ᠎ᠠ᠃ | | ᠬᠤᠯᠪᠣᠭᠠᠰᠤ᠄ | ᠡᠸ᠋ᠷᠨᠢᠰᠲ · ᠡᠾᠮᠢᠩᠸᠧᠢ ︵Ernest Miller Hemingway᠂ 1899 . 6 .22-1961. | 7. 2︶ ᠠᠮᠧᠷᠢᠺᠠ ᠶᠢᠨ ᠵᠣᠬᠢᠶᠠᠯᠴᠢ᠂ ᠰᠡᠳᠬᠦᠯᠴᠢ᠃ 1954 ᠣᠨ ᠳᠤ ︽ᠡᠪᠦᠭᠡᠨ ᠲᠡᠩᠭᠢᠰ ᠬᠤᠶᠠᠷ︾ | ᠲᠤᠭᠤᠵᠢ ᠪᠠᠷ ᠢᠶᠠᠨ ᠨᠣᠪᠧᠯ ᠤᠨ ᠱᠠᠩᠨᠠᠯ ᠬᠦᠷᠳᠡᠭᠰᠡᠨ ᠪᠥᠭᠡᠳ ᠠᠮᠧᠷᠢᠺᠠ ᠶᠢᠨ ᠤᠳᠬ᠎ᠠ ᠵᠣᠬᠢᠶᠠᠯ ᠢ ᠳᠡᠯᠡᠬᠡᠢ | ᠨᠡᠶᠢᠲᠡ ᠳᠤ ᠲᠦᠭᠡᠭᠡᠨ ᠳᠡᠯᠭᠡᠷᠡᠭᠦᠯᠦᠭᠰᠡᠨ ᠳᠠᠶᠢᠨ ᠤ ᠴᠠᠭ ᠤᠨ ᠠᠮᠢᠳᠤᠷᠠᠯ ᠢ ᠬᠦᠦᠷᠨᠢᠨ ᠪᠢᠴᠢᠬᠦ ᠲᠠᠯ᠎ᠠ ᠪᠠᠷ ᠢᠶᠠᠨ | ᠨᠡᠷ᠎ᠡ ᠳᠤ ᠭᠠᠷᠤᠭᠰᠠᠨ ᠵᠣᠬᠢᠶᠠᠯᠴᠢ ᠪᠠᠶᠢᠪᠠ᠃ 1926 ᠣᠨ ᠳᠤ ︽ᠢᠨᠳᠢᠶᠠᠨ ᠣᠲᠤᠭ︾ ᠨᠡᠷ᠎ᠡ ᠲᠠᠢ ᠪᠣᠭᠤᠨᠢ | ᠥᠭᠦᠯᠡᠯᠭᠡ ᠪᠠᠨ ᠪᠢᠴᠢᠨ ᠠᠯᠳᠠᠷᠰᠢᠭᠰᠠᠨ ᠪᠥᠭᠡᠳ ᠲᠡᠭᠦᠨ ᠠᠴᠠ ᠬᠤᠶᠢᠰᠢ ︽ᠨᠠᠷᠠ ᠬᠡᠵᠢᠶᠠᠳᠠ ᠮᠠᠨᠳᠤᠨ᠎ᠠ︾ ︵The | Sun Also Rises︶ ︵1926︶᠂ ︽ᠪᠠᠶᠠᠷᠲᠠᠢ᠂ ᠵᠡᠷ ᠵᠡᠪᠰᠡᠭ ᠮᠢᠨᠢ︾ ︵A Farewell to Ar︶ | ︵1929︶᠂ ︽ᠺᠢᠯᠢᠮᠭᠵᠢᠷᠤ᠋ ᠠᠭᠤᠯᠠ ᠶᠢᠨ ᠴᠠᠰᠤ︾ ︵1933︶ ᠵᠡᠷᠭᠡ ᠠᠯᠳᠠᠷᠲᠠᠢ ᠪᠦᠲᠦᠭᠡᠯ ᠤᠳ ᠢᠶᠠᠨ | ᠲᠤᠭᠤᠷᠪᠢᠭᠰᠠᠨ ᠪᠢᠯᠡ᠃ ᠳᠤᠯᠠᠭᠠᠨ ︵ᠴᠧᠨ ᠭᠠᠩ ᠯᠦᠩ︶᠄ ᠪᠡᠭᠡᠵᠢᠩ ᠤᠨ ᠶᠡᠭᠡ ᠰᠤᠷᠭᠠᠭᠤᠯᠢ ᠶᠢᠨ ᠫᠷᠣᠹᠧᠰᠰᠣᠷ᠂ | ᠳ᠋ᠣᠺᠲ᠋ᠣᠷ ᠤᠨ ᠵᠢᠯᠤᠭᠤᠳᠤᠭᠴᠢ ᠪᠠᠭᠰᠢ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠷᠤᠳ | ᠬᠤᠰᠢᠭᠤ ᠨᠤᠲᠤᠭ ᠲᠠᠢ᠃ 1997 ᠣᠨ ᠳᠤ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ ᠳᠤ ᠳ᠋ᠣᠺᠲ᠋ᠣᠷ | ᠴᠣᠯᠠ ᠬᠠᠮᠠᠭᠠᠯᠠᠨ ᠪᠡᠭᠡᠵᠢᠩ ᠤᠨ ᠶᠡᠭᠡ ᠰᠤᠷᠭᠠᠭᠤᠯᠢ ᠳᠤ ᠪᠠᠭᠰᠢ ᠶᠢᠨ ᠠᠵᠢᠯ ᠤᠨ ᠭᠠᠷᠤᠭ᠎ᠠ ᠪᠠᠨ ᠡᠬᠢᠯᠡᠭᠦᠯᠵᠡᠢ᠃ | ︽ᠮᠣᠩᠭᠤᠯ ᠠᠮᠠᠨ ᠵᠣᠬᠢᠶᠠᠯ ᠤᠨ ᠬᠠᠷᠢᠴᠠᠭᠤᠯᠤᠭᠰᠠᠨ ᠰᠤᠳᠤᠯᠤᠯ︾᠂ ︽ᠮᠠᠩᠭᠤᠰ ᠤᠨ ᠦᠯᠢᠭᠡᠷ ᠤᠨ ᠰᠤᠳᠤᠯᠤᠯ︾᠂ | ︽ᠰᠢᠯᠢ ᠶᠢᠨ ᠭᠠᠯᠵᠠᠭᠤ ᠪᠠᠭᠠᠲᠤᠷ︾᠂ ︽ᠰᠦ ᠲᠠᠢ ᠴᠠᠢ ᠪᠠ ᠺᠣᠹᠧ︾᠂ ︽ᠳᠣᠷᠣᠨ᠎ᠠ ᠳᠠᠬᠢᠨ ᠤ ᠠᠮᠠᠨ ᠵᠣᠬᠢᠶᠠᠯ ᠤᠨ | ᠲᠦᠢᠮᠣ︾ ᠵᠡᠷᠭᠡ ᠭᠤᠴᠢ ᠭᠠᠷᠤᠢ ᠡᠷᠳᠡᠮ ᠰᠢᠨᠵᠢᠯᠡᠭᠡᠨ ᠤ ᠨᠣᠮ ᠪᠢᠴᠢᠭ ᠬᠡᠪᠯᠡᠭᠦᠯᠵᠦ᠂ ᠳᠣᠲᠣᠭᠠᠳᠤ᠂ | ᠭᠠᠳᠠᠭᠠᠳᠤ ᠳᠤ 100 ᠭᠠᠷᠤᠢ ᠡᠷᠳᠡᠮ ᠰᠢᠨᠵᠢᠯᠡᠭᠡᠨ ᠤ ᠥᠭᠦᠯᠡᠯ ᠨᠡᠶᠢᠲᠡᠯᠡᠭᠰᠡᠨ ᠪᠠᠶᠢᠨ᠎ᠠ᠃ ︽ᠮᠣᠩᠭᠤᠯ ᠬᠦᠮᠦᠨ︾᠂ | ︽ᠨᠦᠢᠲᠠᠨ ᠰᠠᠷ᠎ᠠ︾᠂ ︽ᠰᠢᠷ᠎ᠠ ᠨᠢᠳᠦᠨ ᠬᠡᠦᠬᠡᠨ︾ ᠵᠡᠷᠭᠡ ᠢᠷᠠᠭᠤ ᠨᠠᠶᠢᠷᠠᠭ ᠤᠨ ᠲᠡᠭᠦᠪᠦᠷᠢ ᠲᠠᠢ ᠪᠥᠭᠡᠳ ︽ᠮᠣᠩᠭᠤᠯ | ᠬᠦᠮᠦᠨ︾ ᠨᠢ ᠮᠣᠩᠭᠤᠯ ᠤᠯᠤᠰ ᠤᠨ ᠰᠤᠷᠬᠤ ᠪᠢᠴᠢᠭ ᠲᠤ ᠰᠤᠩᠭᠤᠭᠳᠠᠨ ᠬᠡᠪᠯᠡᠭᠦᠯᠦᠭᠳᠡᠭᠰᠡᠨ ᠪᠠᠶᠢᠨ᠎ᠠ᠃ ᠰᠡᠭᠦᠯ ᠤᠨ | ᠦᠶ᠎ᠡ ᠳᠤ ᠲᠡᠷᠡ ᠬᠡᠦᠬᠡᠳ ᠤᠨ ᠢᠷᠠᠭᠤ ᠨᠠᠶᠢᠷᠠᠭ ᠲᠤ ᠠᠩᠬᠠᠷᠤᠯ ᠬᠠᠨᠳᠤᠭᠤᠯᠤᠨ᠂ ᠮᠣᠩᠭᠤᠯ ᠤᠯᠤᠰ ᠤᠨ ᠨᠡᠷᠡᠲᠦ | ᠬᠡᠦᠬᠡᠳ ᠤᠨ ᠵᠣᠬᠢᠶᠠᠯᠴᠢ ᠵ᠊ ∙ᠳᠠᠰᠢᠳᠤᠨᠳᠤᠭ ᠤᠨ ᠬᠠᠮᠲᠤ ︽ᠮᠣᠩᠭᠤᠯ ᠤᠯᠤᠰ ᠤᠨ ᠬᠡᠦᠬᠡᠳ ᠤᠨ ᠰᠢᠯᠦᠭ ᠤᠨ | ᠰᠣᠩᠭᠤᠮᠠᠯ︾ ᠶᠢ ᠰᠣᠩᠭᠤᠨ ᠨᠠᠶᠢᠷᠠᠭᠤᠯᠵᠤ ᠬᠡᠪᠯᠡᠭᠦᠯᠦᠭᠰᠡᠨ ᠪᠥᠭᠡᠳ ᠥᠪᠡᠷ ᠤᠨ ᠲᠤᠭᠤᠷᠪᠢᠭᠰᠠᠨ | ᠰᠢᠯᠦᠭ ᠤᠳ ᠢᠶᠠᠨ ᠲᠡᠭᠦᠪᠦᠷᠢᠯᠡᠵᠦ ︽ᠴᠢᠨᠳᠠᠮᠤᠨᠢ ᠡᠷᠳᠡᠨᠢ ᠶᠢᠨ ᠳᠠᠭ᠎ᠠ︾ ᠨᠡᠷ᠎ᠡ ᠪᠠᠷ ᠬᠡᠪᠯᠡᠭᠦᠯᠦᠭᠰᠡᠨ ᠪᠠᠶᠢᠨ᠎ᠠ᠃ | |