ᠮᠣᠩᠭᠤᠯᠴᠤᠳ ᠪᠣᠯ ᠤᠮᠠᠷᠠᠲᠤ ᠶᠢᠨ ᠡᠷᠲᠡᠨ ᠤ ᠰᠣᠶᠣᠯᠲᠤ ᠦᠨᠳᠦᠰᠦᠲᠡᠨ ᠤ ᠨᠢᠭᠡ ᠶᠤᠮ᠃ ᠲᠡᠷᠡᠴᠢᠯᠡᠨ | ᠥᠷᠥᠨ᠎ᠡ ᠳᠣᠷᠣᠨ᠎ᠠ ᠶᠢᠨ ᠣᠯᠠᠨ ᠤᠯᠤᠰ ᠦᠨᠳᠦᠰᠦᠲᠡᠨ ᠤ ᠬᠠᠷᠢᠴᠠᠭ᠎ᠠ ᠬᠤᠯᠪᠣᠭᠠᠨ ᠳᠤ ᠡᠷᠳᠡᠨ ᠠᠴᠠ ᠣᠷᠣᠯᠴᠠᠵᠤ | ᠂ ᠥᠪᠡᠷ ᠤᠨ ᠦᠨᠳᠦᠰᠦᠲᠡᠨ ᠤ ᠰᠣᠶᠣᠯ ᠬᠢᠭᠡᠳ ᠪᠤᠰᠤᠳ ᠦᠨᠳᠦᠰᠦᠲᠡᠨ ᠤ ᠰᠣᠶᠣᠯ ᠤᠨ ᠬᠠᠷᠢᠯᠴᠠᠭ᠎ᠠ | ᠬᠤᠯᠪᠣᠭᠠᠨ ᠤ ᠨᠠᠷᠢᠨ ᠵᠦᠢ ᠶᠣᠰᠣ ᠶᠢ ᠮᠠᠰᠢ ᠰᠣᠷᠭᠤᠭ ᠲᠠᠨᠢᠵᠤ᠂ ᠪᠤᠰᠤᠳ ᠤᠨ ᠰᠣᠶᠣᠯ ᠲᠡᠦᠬᠡ᠂ ᠦᠰᠦᠭ | ᠪᠢᠴᠢᠭ ᠲᠠᠢ ᠲᠠᠨᠢᠯᠴᠠᠵᠤ᠂ ᠲᠡᠭᠦᠨ ᠢ ᠥᠪᠯᠡᠵᠦ ᠡᠷᠬᠢᠮᠯᠡᠨ᠂ ᠥᠪᠡᠷ ᠤᠨ ᠤᠯᠠᠮᠵᠢᠯᠠᠯᠲᠤ ᠰᠣᠶᠣᠯ ᠲᠠᠢ ᠪᠠᠨ | ᠵᠡᠷᠭᠡᠴᠡᠭᠦᠯᠦᠨ ᠠᠪᠴᠤ ᠢᠷᠡᠭᠰᠡᠨ ᠪᠦᠲᠦᠭᠡᠯᠴᠢ ᠠᠷᠭ᠎ᠠ ᠲᠤᠷᠰᠢᠯᠭ᠎ᠠ ᠲᠠᠢ᠂ ᠥᠪᠡᠷᠮᠢᠴᠡ ᠰᠣᠶᠣᠯ ᠲᠠᠢ | ᠦᠨᠳᠦᠰᠦᠲᠡᠨ ᠪᠤᠯᠬᠤ ᠶᠤᠮ᠃ ᠲᠡᠶᠢᠮᠦ ᠠᠴᠠ ᠮᠠᠠ ᠤ ᠦᠪᠤᠷ ᠮᠤᠩᠭᠤᠯ ᠤᠨ ᠬᠠᠷᠢᠶᠠᠠ ᠳᠤ ᠮᠣᠩᠭᠤᠯ ᠠᠷᠡᠳ ᠤᠨ | ᠠᠮᠠᠨ ᠵᠣᠬᠢᠶᠠᠯ ᠳᠤ᠂ ︽ᠭᠡᠰᠡᠷ ᠤᠨ ᠳᠤᠭᠤᠵᠢ︾᠂ ︽ᠪᠠᠭᠠᠷᠢᠠ ᠭᠡᠰᠡᠷ ᠤᠨ ᠲᠤᠭᠤᠵᠢ︾᠂ ︽ᠫᠠᠵᠠᠢ ᠭᠡᠰᠡᠷ ᠤᠨ | ᠳᠤᠭᠤᠵᠢ︾᠂ ︽ᠭᠦᠷᠢᠶ᠎ᠠ ᠭᠡᠰᠡᠷ ᠤᠨ ᠳᠤᠭᠤᠵᠢ︾ ᠵᠡᠷᠭᠡ ᠨᠢ ᠡᠷᠲᠡᠨ ᠤ ᠠᠮᠠᠨ ᠵᠣᠬᠢᠶᠠᠯ ᠤᠨ ᠥᠪ ᠤᠯᠠᠮᠵᠢᠯᠠᠯ᠂ | ᠢᠯᠠᠩᠭᠤᠶ᠎ᠠ ᠭᠠᠵᠠᠷ ᠨᠤᠲᠤᠭ ᠤᠨ ᠰᠣᠶᠣᠯ ᠲᠡᠦᠬᠡ ᠵᠡᠷᠭᠡ ᠶᠢ ᠥᠪ ᠤᠯᠠᠮᠵᠢᠯᠠᠯ ᠢᠶᠠᠷ ᠨᠢ ᠬᠠᠳᠠᠭᠠᠯᠠᠵᠤ ᠢᠷᠡᠭᠰᠡᠨ | ᠪᠠᠶᠢᠳᠠᠭ᠃ ᠡᠨᠡ ᠰᠣᠶᠣᠯ ᠢᠶᠠᠷ ᠢᠶᠠᠨ ᠮᠣᠩᠭᠤᠯᠴᠤᠳ ᠪᠠᠰᠠᠴᠤ ᠲᠡᠦᠬᠡᠨ ᠭᠠᠪᠢᠶ᠎ᠠ ᠵᠢᠳᠬᠦᠯ ᠲᠠᠢ ᠠᠷᠠᠳ ᠲᠥᠮᠠᠨ | ᠪᠤᠯᠬᠤ ᠶᠤᠮ᠃ | ᠬᠡᠷᠪᠡ ᠦᠪᠤᠷ ᠮᠣᠩᠭᠤᠯᠴᠤᠳ ᠤᠨ ᠳᠤᠮᠳᠠ ᠡᠶᠢᠮᠤ ᠳᠤᠮᠤ ᠳᠤᠮᠤ ᠳᠤᠭᠤᠵᠢ ᠳᠤᠤᠯᠢ ᠶᠠᠷᠢᠳᠠᠭ | ᠦᠯᠢᠭᠡᠷᠴᠢᠠ ᠬᠤᠭᠤᠷᠴᠢᠠ ᠴᠤᠭᠤᠷᠴᠢᠠ ᠪᠠᠶᠢᠭᠰᠠᠨ ᠦᠭᠡᠢ ᠪᠣᠯ ᠦᠪᠤᠷ ᠮᠤᠩᠭᠤᠯ ᠤᠨ ᠵᠡᠷᠢᠮ ᠭᠠᠵᠠᠷ ᠨᠤᠲᠤᠭ ᠤᠨ | ᠲᠡᠦᠬᠡ ᠨᠢ ᠪᠤᠷᠬᠠᠨ ᠤ ᠱᠠᠰᠢᠨ ᠤ ᠨᠥᠯᠥᠭᠡ ᠪᠤᠶᠤ ᠪᠤᠰᠤᠳ ᠶᠠᠮᠠᠷ ᠨᠢᠭᠡᠨ ᠲᠡᠦᠬᠡᠨ ᠰᠢᠯᠲᠠᠭᠠᠨ ᠠᠴᠠ ᠪᠤᠯᠵᠤ ᠤᠤᠯ | ᠲᠡᠦᠬᠡ ᠨᠢ ᠮᠠᠷᠲᠠᠭᠳᠠᠵᠤ ᠭᠡᠭᠡᠭᠳᠡᠵᠦ᠂ ᠣᠷᠣ ᠰᠤᠷᠠᠭ ᠦᠭᠡᠢ ᠪᠤᠯᠬᠤ ᠪᠤᠶᠤ ᠬᠤᠪᠢᠷᠠᠵᠤ ᠥᠭᠡᠷᠡᠴᠢᠯᠡᠭᠳᠡᠭᠰᠡᠨ | ᠪᠠᠶᠢᠵᠤ ᠮᠡᠳᠡᠭᠦ ᠶᠤᠮ᠃ ︽ᠪᠡᠭᠡᠵᠢᠩ ᠪᠠᠷ ᠤᠨ ᠭᠡᠰᠡᠷ︾ ᠢ ᠤᠤᠯ ᠨᠢ ᠬᠥᠬᠡᠨᠠᠭᠤᠷ ᠤᠨ ᠥᠭᠡᠯᠡᠳ ᠠᠴᠠ ᠲᠡᠮᠳᠡᠭᠯᠡᠨ | ᠠᠪᠴᠤ ᠬᠡᠪᠯᠡᠭᠦᠯᠦᠭᠰᠡᠨ ᠶᠤᠮ ᠭᠡᠰᠡᠨ ᠮᠡᠳᠡᠭᠡ ᠪᠤᠢ᠃ ︽ᠭᠡᠰᠡᠷ ᠤᠨ ᠲᠤᠭᠤᠵᠢ︾ ᠨᠢ ᠲᠥᠪᠡᠳ ᠮᠣᠩᠭᠤᠯ ᠬᠤᠶᠠᠷ | ᠦᠨᠳᠦᠰᠦᠲᠡᠨ ᠳᠤ ᠠᠳᠠᠯᠢ ᠪᠤᠰᠤ ᠪᠠᠷ ᠤᠯᠠᠮᠵᠢᠯᠠᠵᠤ ᠪᠠᠶᠢᠭᠰᠠᠨ ᠤ ᠦᠷ᠎ᠡ ᠳ᠋ᠦᠩ ᠳᠤ᠂ ᠥᠨᠥᠳᠥᠷ ︽ᠭᠡᠰᠡᠷ ᠤᠨ | ᠲᠤᠭᠤᠵᠢ︾ ᠶᠢᠨ ᠲᠠᠯ᠎ᠠ ᠳᠤ ᠥᠩᠭᠡᠷᠡᠭᠰᠡᠨ ᠲᠡᠦᠬᠡ ᠶᠢᠨ ᠣᠯᠠᠨ ᠣᠯᠠᠨ ᠭᠡᠷᠡᠴᠢ ᠪᠠᠷᠢᠮᠲᠠ ᠭᠠᠷᠴᠤ ᠢᠷᠠᠵᠤ ᠪᠠᠶᠢᠨ᠎ᠠ | ᠃ ᠭᠠᠵᠠᠷ ᠤᠨ ᠨᠡᠷ᠎ᠡ ᠶᠢᠨ ᠳᠣᠮᠤᠭ ᠴᠦ ᠨᠢᠭᠡ ᠠᠳᠠᠯᠢ᠂ ᠲᠥᠪᠡᠳ ᠮᠣᠩᠭᠤᠯ ᠬᠤᠶᠠᠷ ᠦᠨᠳᠦᠰᠦᠲᠡᠨ ᠳᠤ ᠵᠡᠷᠭᠡ ᠪᠠᠷ | ᠤᠯᠠᠮᠵᠢᠯᠠᠵᠤ ᠪᠠᠶᠢᠭ᠎ᠠ ᠪᠠᠷ᠂ ᠦᠪᠤᠷ ᠮᠤᠩᠭᠤᠯ ᠵᠢᠴᠢ ᠬᠤᠷᠴᠢᠠ ᠮᠤᠩᠭᠤᠯᠴᠤᠳ ᠤᠨ ᠳᠣᠲᠣᠷ᠎ᠠ ᠤᠯᠠᠮᠵᠢᠯᠠᠵᠤ | ᠪᠠᠶᠢᠳᠠᠭ ᠢᠶᠠᠷ ᠢᠶᠠᠨ ᠥᠨᠥᠳᠥᠷ ᠤᠨ ᠰᠤᠳᠤᠯᠤᠯ ᠳᠤ ᠣᠯᠠᠨ ᠲᠠᠯ᠎ᠠ ᠶᠢᠨ ᠭᠡᠷᠡᠴᠢ ᠪᠠᠷᠢᠮᠳᠠ ᠤᠯᠭᠤᠬᠤ ᠪᠤᠯᠤᠮᠵᠢ ᠲᠠᠢ | ᠶᠤᠮ᠃ ᠡᠳᠡᠭᠡᠷ ᠠᠴᠠ ᠦᠵᠡᠬᠦ ᠳᠤ᠂ ᠮᠣᠩᠭᠤᠯᠴᠤᠳ ᠤᠨ ᠳᠤᠮᠳᠠ ᠤᠯᠠᠮᠵᠢᠯᠠᠭᠳᠡᠵᠤ ᠪᠠᠶᠢᠭ᠎ᠠ ᠠᠮᠠᠨ ᠵᠣᠬᠢᠶᠠᠯ᠂ | ᠠᠮᠠᠨ ᠲᠡᠦᠬᠡ ᠠᠴᠠ ᠮᠣᠩᠭᠤᠯ ᠠᠮᠠᠨ ᠵᠣᠬᠢᠶᠠᠯ᠂ ᠢᠯᠠᠩᠭᠤᠶ᠎ᠠ ᠮᠤᠩᠭᠤᠯ ᠦᠯᠢᠭᠡᠷ ᠳᠤᠮᠤᠭ ᠪᠤᠯᠤᠠ ᠨᠤᠳᠤᠭ | ᠤᠰᠤᠠ ᠤ ᠨᠠᠷᠡᠶᠢᠳᠤᠯ ᠤᠨ ᠬᠤᠭᠤᠷᠤᠡᠳᠤᠬᠢ ᠬᠠᠷᠢᠴᠠᠭ᠎ᠠ ᠬᠤᠯᠪᠤᠭ᠎ᠠ ᠶᠢ ᠲᠣᠳᠣᠷᠬᠠᠢ ᠲᠠᠨᠢᠵᠤ᠂ ᠨᠤᠳᠤᠭ ᠤᠰᠤᠠ ᠤ | ᠨᠠᠷᠡᠶᠢᠳᠤᠯ ᠤᠨ ᠡᠭᠦᠰᠤᠯ ᠭᠠᠷᠤᠯ ᠢᠷᠡᠯᠳᠠ ᠶᠢᠨ ᠣᠯᠠᠨ ᠰᠤᠷᠠᠭ ᠴᠢᠮᠡᠭᠡ ᠶᠢ ᠮᠡᠳᠡᠵᠤ ᠤᠶᠢᠯᠠᠭᠠᠵᠤ ᠪᠤᠯᠬᠤ ᠶᠤᠮ᠃ | | ᠮᠣᠩᠭᠤᠯ ᠠᠮᠠᠨ ᠵᠣᠬᠢᠶᠠᠯ ᠤᠨ ᠰᠤᠳᠤᠯᠭᠠᠨ ᠨᠢ ᠠᠷᠪᠠᠠ ᠨᠠᠢᠮᠨ᠂ ᠠᠷᠪᠠ ᠶᠢᠰᠤᠳᠤᠭᠡᠷ ᠵᠠᠭᠤᠨ ᠤ | ᠦᠶ᠎ᠡ ᠠᠴᠠ ᠡᠬᠢᠯᠡᠵᠦ ᠥᠷᠥᠨᠡᠳᠠᠬᠢᠨ ᠤ ᠡᠷᠳᠡᠮᠲᠡᠳ ᠵᠢᠭᠤᠯᠴᠢᠯᠠᠭᠴᠢᠳ ᠤᠨ ᠬᠠᠪᠰᠤᠷᠤᠯᠭ᠎ᠠ ᠠᠵᠢᠯᠯᠠᠭ᠎ᠠ ᠪᠠᠷ | ᠡᠭᠦᠳᠡ ᠬᠠᠭᠠᠯᠭ᠎ᠠ ᠨᠡᠭᠡᠭᠡᠭᠳᠡᠭᠰᠡᠨ ᠶᠤᠮ᠃ ᠲᠡᠳᠡᠨ ᠤ ᠴᠤᠭᠯᠠᠭᠤᠯᠵᠤ ᠡᠮᠬᠢᠳᠬᠡᠭᠰᠡᠨ ᠨᠣᠮ ᠵᠣᠬᠢᠶᠠᠯ ᠬᠡᠪᠯᠡᠭᠳᠡᠨ | ᠭᠠᠷᠴᠤ᠂ ᠳᠡᠯᠡᠬᠡᠢ ᠳᠠᠶᠠᠭᠠᠷ ᠮᠣᠩᠭᠤᠯ ᠠᠮᠠᠨ ᠵᠣᠬᠢᠶᠠᠯ ᠢ ᠰᠣᠨᠢᠷᠬᠠᠨ ᠰᠤᠳᠤᠯᠵᠤ ᠡᠬᠢᠯᠡᠪᠡ᠃ ᠲᠡᠭᠦᠨ ᠤ | ᠳᠠᠷᠠᠭ᠎ᠠ ᠪᠠᠷ ᠮᠣᠩᠭᠤᠯ ᠤᠨ ᠰᠡᠬᠡᠬᠡᠷᠡᠭᠰᠠᠨ ᠰᠡᠬᠡᠭᠡᠲᠡᠨ ᠨᠠᠷ ᠠᠴᠠ ᠪᠠᠰᠠ ᠥᠪᠡᠷ ᠤᠨ ᠠᠷᠠᠳ ᠤᠨ ᠠᠮᠠᠨ ᠵᠣᠬᠢᠶᠠᠯ᠂ | ᠦᠯᠢᠭᠡᠷ ᠳᠤᠮᠤᠭ ᠢ ᠴᠤᠭᠯᠠᠭᠤᠯᠵᠤ ᠡᠮᠬᠢᠳᠬᠡᠨ᠂ ᠰᠤᠳᠤᠯᠤᠨ ᠰᠢᠨᠵᠢᠯᠡᠵᠦ᠂ ᠰᠢᠨ᠎ᠡ ᠨᠢᠭᠡᠡ ᠳᠦᠪᠰᠢᠠ ᠳᠤ | ᠬᠦᠷᠦᠭᠰᠡᠨ ᠪᠠᠶᠢᠨ᠎ᠠ᠃ ᠥᠷᠥᠨᠡᠳᠠᠬᠢᠨ ᠤ ᠰᠤᠳᠤᠯᠤᠭᠠᠴᠢ ᠡᠷᠳᠡᠮᠲᠡᠳ ᠠᠴᠠ ᠤᠯᠪᠠᠭ᠎ᠠ ᠲᠠᠢ ᠠᠮᠠᠨ ᠵᠣᠬᠢᠶᠠᠯ᠂ ᠵᠠᠩ | ᠵᠠᠩᠰᠢᠯ ᠤᠨ ᠣᠨᠣᠯ ᠢ ᠳᠤᠮᠳᠠᠳᠤ ᠤᠯᠤᠰ ᠤᠨ ᠰᠡᠬᠡᠭᠡᠲᠡᠨ ᠡᠷᠳᠡᠮᠳᠡᠳ ᠨᠠᠷ ᠤᠯᠠᠮᠵᠢᠯᠠᠨ ᠬᠥᠭᠵᠢᠭᠦᠯᠵᠦ᠂ ᠤᠯᠤᠰ | ᠳᠠᠶᠠᠭᠠᠷ ᠲᠤ ︽ᠠᠮᠠᠨ ᠵᠣᠬᠢᠶᠠᠯ ᠤᠨ ᠣᠨᠣᠯ︾ ᠭᠡᠬᠦ ᠰᠢᠨ᠎ᠡ ᠨᠢᠭᠡᠨ ᠰᠤᠳᠤᠯᠭᠠᠨ ᠤ ᠰᠠᠯᠠᠭ᠎ᠠ ᠪᠤᠢ ᠪᠣᠯᠪᠠ᠃ | ᠠᠷᠠᠳ ᠤᠨ ᠠᠮᠠᠨ ᠵᠣᠬᠢᠶᠠᠯ ᠤᠨ ᠣᠨᠣᠯ ᠤᠨ ᠬᠥᠭᠵᠢᠯ ᠤᠨ ᠶᠠᠪᠤᠴᠠ ᠳᠤ ᠲᠤᠰᠬᠠᠶᠢᠯᠠᠨ ᠠᠷᠠᠳ ᠤᠨ ᠠᠮᠠᠨ | ᠵᠣᠬᠢᠶᠠᠯ ᠤᠨ ᠲᠥᠷᠥᠯ ᠵᠦᠢᠯ ᠢᠶᠠᠷ ᠭᠤᠤᠯᠴᠢᠯᠠᠠ ᠰᠤᠳᠤᠯᠬᠤ ᠬᠠᠨᠳᠤᠰᠢ ᠭᠠᠷᠴᠤ᠂ ᠶᠠᠪᠠᠭᠠᠨ ᠦᠯᠢᠭᠡᠷ᠂ | ᠪᠠᠭᠠᠲᠤᠷ ᠤᠨ ᠲᠤᠤᠯᠢ᠂ ᠦᠯᠢᠭᠡᠷ ᠳᠣᠮᠤᠭ᠂ ᠠᠷᠠᠳ ᠤᠨ ᠳᠠᠭᠤᠤ ᠶᠢᠨ ᠲᠠᠯ᠎ᠠ ᠪᠠᠷ ᠭᠠᠭᠴᠠ ᠰᠡᠳᠦᠪᠲᠦ ᠡᠷᠳᠡᠮ | ᠰᠢᠨᠵᠢᠯᠡᠭᠡᠨ ᠤ ᠵᠣᠬᠢᠶᠠᠯ ᠪᠦᠲᠦᠭᠡᠯ ᠤᠷᠢᠳ ᠬᠤᠵᠢᠳ ᠬᠡᠪᠯᠡᠭᠳᠡᠨ ᠭᠠᠷᠤᠭᠰᠠᠨ ᠪᠢᠯᠡ᠃ ᠰᠢᠨ᠎ᠡ ᠳᠤᠮᠳᠠᠳᠤ | ᠤᠯᠤᠰ ᠲᠤ ᠬᠤᠷᠢᠳᠤᠭᠠᠷ ᠵᠠᠭᠤᠨ ᠤ ᠲᠠᠪᠢ ᠵᠢᠷᠠᠭᠠᠳ ᠣᠨ ᠤ ᠦᠶ᠎ᠡ ᠠᠴᠠ ᠠᠷᠠᠳ ᠤᠨ ᠠᠮᠠᠨ ᠵᠣᠬᠢᠶᠠᠯ ᠤᠨ | ᠣᠨᠣᠯ ᠤᠨ ᠵᠢᠭᠠᠬᠤ ᠪᠢᠴᠢᠭ ᠬᠡᠪᠯᠡᠭᠳᠡᠵᠦ᠂ ᠠᠮᠠᠨ ᠵᠣᠬᠢᠶᠠᠯ ᠤᠨ ᠰᠤᠳᠤᠯᠭᠠᠨ ᠪᠤᠢ ᠪᠤᠯᠤᠭᠰᠠᠨ ᠢᠶᠠᠷ ᠪᠠᠷᠠᠬᠤ ᠦᠭᠡᠢ | ᠂ ᠳᠡᠭᠡᠷ᠎ᠠ ᠵᠠᠭᠤᠠ ᠤ ᠨᠠᠶᠠ ᠶᠡᠷᠡᠭᠡᠳ ᠣᠨ ᠪᠣᠯᠬᠤ ᠳᠤ ︽ᠴᠥᠭᠡᠨ ᠲᠣᠭᠠᠲᠤ ᠦᠨᠳᠦᠰᠦᠲᠡᠨ ᠤ ᠠᠷᠠᠳ ᠤᠨ ᠠᠮᠠᠨ | ᠵᠣᠬᠢᠶᠠᠯ ᠤᠨ ᠤᠳᠤᠷᠢᠳᠬᠠᠯ︾᠂ ︽ᠮᠣᠩᠭᠤᠯ ᠦᠨᠳᠦᠰᠦᠲᠡᠨ ᠤ ᠠᠮᠠᠨ ᠵᠣᠬᠢᠶᠠᠯ ᠤᠨ ᠤᠳᠤᠷᠢᠳᠬᠠᠯ︾ ᠭᠡᠬᠦ ᠵᠡᠷᠭᠡ | ᠨᠣᠮ ᠵᠣᠬᠢᠶᠠᠯ ᠬᠡᠪᠯᠡᠭᠳᠡᠨ ᠭᠠᠷᠴᠤ᠂ ᠠᠮᠠᠨ ᠵᠣᠬᠢᠶᠠᠯ ᠤᠨ ᠣᠨᠣᠯ ᠤᠨ ᠰᠤᠳᠤᠯᠤᠯ ᠨᠢ ᠨᠡᠩ ᠪᠣᠳᠠᠲᠠᠶᠢᠵᠢᠵᠤ | ᠨᠠᠷᠢᠰᠴᠤ ᠭᠦᠨᠵᠡᠭᠡᠶᠢᠷᠡᠭᠰᠡᠨ ᠪᠠᠶᠢᠨ᠎ᠠ᠃ ᠭᠡᠲᠡᠯ᠎ᠡ ᠮᠣᠩᠭᠤᠯ ᠨᠤᠲᠤᠭ ᠤᠰᠤᠠ ᠤ ᠠᠮᠠᠨ ᠵᠣᠬᠢᠶᠠᠯ ᠤᠨ ᠰᠤᠳᠤᠯᠭᠠᠨ ᠤ | ᠲᠠᠯ᠎ᠠ ᠪᠠᠷ ᠲᠤᠰᠬᠠᠶᠢᠯᠠᠨ ᠰᠢᠨᠵᠢᠯᠡᠵᠦ ᠰᠤᠳᠤᠯᠵᠤ᠂ ᠳ᠋ᠦᠩᠨᠡᠨ ᠲᠣᠳᠣᠷᠬᠠᠶᠢᠯᠠᠭᠰᠠᠨ ᠪᠦᠲᠦᠭᠡᠯ ᠮᠠᠰᠢ ᠬᠤᠪᠣᠷ | ᠪᠠᠶᠢᠯ᠎ᠠ᠃ ᠡᠨᠡ ᠲᠠᠯ᠎ᠠ ᠪᠠᠷ ᠬᠥᠬᠡᠨᠠᠭᠤᠷ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠫᠷᠣᠹᠧᠰᠰᠣᠷ᠂ ᠮᠣᠩᠭᠤᠯ | ᠠᠮᠠᠨ ᠵᠣᠬᠢᠶᠠᠯ ᠰᠤᠳᠤᠯᠤᠭᠴᠢ ᠬᠥᠬᠡ ᠶᠢᠨ ᠨᠠᠶᠢᠷᠠᠭᠤᠯᠤᠨ ᠵᠤᠬᠢᠶᠠᠭᠰᠠᠨ ︽ᠮᠣᠩᠭᠤᠯ ᠤᠨ ᠠᠷᠠᠳ ᠤᠨ ᠠᠮᠠᠨ | ᠵᠣᠬᠢᠶᠠᠯ ᠤᠨ ᠰᠤᠳᠤᠯᠤᠯ ᠊᠊᠊᠊᠊ ᠳᠡᠭᠡᠳᠦ ᠮᠣᠩᠭᠤᠯ ᠤᠨ ᠮᠣᠩᠭᠤᠯ ᠤᠨ ᠠᠷᠠᠳ ᠤᠨ ᠠᠮᠠᠨ ᠵᠣᠬᠢᠶᠠᠯ ᠤᠨ ᠵᠢᠱᠢᠶᠡᠨ | ᠳᠡᠭᠡᠷ᠎ᠡ︾ ᠭᠡᠬᠦ ᠨᠣᠮ ᠨᠢ ᠬᠥᠬᠡᠨᠠᠭᠤᠷ ᠳᠡᠭᠡᠳᠦ ᠮᠣᠩᠭᠤᠯ ᠤᠨ ᠠᠮᠠᠨ ᠵᠣᠬᠢᠶᠠᠯ ᠤᠨ ᠰᠤᠳᠤᠯᠭᠠᠨ ᠢ ᠣᠨᠣᠯ ᠤᠨ | ᠲᠦᠪᠰᠢᠨ ᠳᠤ ᠳ᠋ᠦᠩᠨᠡᠨ ᠲᠣᠳᠣᠷᠬᠠᠶᠢᠯᠠᠵᠤ᠂ ᠰᠢᠨ᠎ᠡ ᠰᠣᠷᠭᠤᠭ᠂ ᠦᠷ᠎ᠡ ᠪᠦᠳᠤᠮᠵᠢᠲᠠᠢ ᠥᠪᠡᠷᠮᠢᠴᠡ | ᠤᠠᠴᠠᠯᠢᠭ ᠲᠠᠢ ᠣᠨᠴᠠᠭᠠᠢ ᠪᠦᠲᠦᠭᠡᠯ ᠪᠤᠯᠵᠤ ᠴᠢᠳᠠᠭᠰᠠᠨ ᠶᠤᠮ᠃ ᠲᠤᠰ ᠪᠦᠲᠦᠭᠡᠯ ᠨᠢ ᠬᠥᠬᠡᠨᠠᠭᠤᠷ ᠳᠡᠭᠡᠳᠦ | ᠮᠣᠩᠭᠤᠯ ᠤᠨ ᠠᠮᠠᠨ ᠵᠣᠬᠢᠶᠠᠯ ᠤᠨ ᠲᠠᠯ᠎ᠠ ᠪᠠᠷ᠂ ᠮᠥᠨ ᠡᠳᠦᠭᠡ ᠶᠢᠨ ᠮᠣᠩᠭᠤᠯ ᠠᠮᠠᠨ ᠵᠣᠬᠢᠶᠠᠯ ᠤᠨ ᠣᠨᠣᠯ | ᠰᠤᠳᠤᠯᠤᠯ ᠳᠤ᠂ ᠢᠯᠠᠩᠭᠤᠶ᠎ᠠ ᠮᠣᠩᠭᠤᠯ ᠠᠮᠠᠨ ᠵᠣᠬᠢᠶᠠᠯ ᠤᠨ ᠵᠢᠭᠠᠨ ᠰᠤᠷᠭᠠᠯᠳᠠ ᠳᠤ᠂ ᠴᠢᠨᠠᠭᠰᠢ ᠮᠣᠩᠭᠤᠯ ᠠᠮᠠᠨ | ᠵᠣᠬᠢᠶᠠᠯ ᠤᠨ ᠰᠤᠳᠤᠯᠤᠯ ᠢ ᠠᠬᠢᠭᠤᠯᠵᠤ ᠬᠥᠭᠵᠢᠭᠦᠯᠬᠦ ᠳᠤ ᠦᠨᠡᠨ ᠬᠦ ᠬᠤᠪᠢ ᠨᠡᠮᠡᠷᠢ ᠪᠤᠯᠤᠮᠠᠷ ᠰᠢᠨ᠎ᠡ ᠪᠥᠭᠡᠳ | ᠣᠨᠴᠠᠭᠠᠢ ᠪᠦᠲᠦᠭᠡᠯ ᠪᠤᠯᠵᠤ ᠴᠢᠳᠠᠵᠠᠢ᠃ ᠮᠠᠠ ᠤ ᠦᠪᠤᠷ ᠮᠤᠩᠭᠤᠯ ᠤᠨ ᠬᠢᠨ ᠴᠤ ᠡᠨ᠋ᠨ ᠳᠡᠯ᠎ᠠ ᠪᠠᠷ ᠴᠢᠬᠤᠯᠠᠴᠢᠯᠠᠠ | ᠦᠵᠡᠵᠤ ᠰᠢᠡᠵᠢᠯᠡᠭᠡ ᠰᠤᠳᠤᠯᠭᠠᠠ ᠦᠷᠨᠢᠭᠦᠯᠵᠤ᠂ ᠡᠯ᠎ᠠ ᠠᠶᠢᠮᠠᠭ ᠬᠤᠳᠠ ᠵᠢᠴᠢ ᠬᠤᠰᠢᠭᠤ ᠰᠢᠶᠠᠠ ᠤ ᠬᠢᠨ | ᠢᠳᠡᠪᠬᠢᠳᠡᠢ ᠭᠦᠳᠡᠯᠤᠯᠴᠡᠵᠤ᠂ ᠠᠷᠡᠳ ᠤᠨ ᠠᠮᠠᠠ ᠵᠤᠬᠢᠶᠠᠯ᠂ ᠠᠮᠠᠠ ᠤᠷᠠᠯᠢᠭ ᠤᠨ ᠳᠤᠬᠠᠢ ᠳᠤᠰᠬᠠᠢ ᠰᠤᠳᠤᠯᠭᠠᠠ | ᠦᠷᠨᠢᠭᠦᠯᠵᠤ᠂ ᠠᠷᠡᠳ ᠤᠨ ᠦᠯᠢᠭᠡᠷ ᠳᠤᠮᠤᠭ᠂ ᠳᠤᠤᠯᠢ ᠳᠤᠭᠤᠵᠢ᠂ ᠨᠤᠳᠤᠭ ᠤᠰᠤᠠ ᠤ ᠨᠠᠷᠡᠶᠢᠳᠤᠯ᠂ ᠤᠪᠤᠭ | ᠲᠦᠷᠤᠯ ᠤᠨ ᠡᠭᠦᠰᠤᠯ ᠭᠠᠷᠤᠯ ᠵᠡᠷᠭᠡ ᠶᠢ ᠡᠮᠬᠢᠳᠭᠡᠡ ᠴᠤᠭᠯᠠᠭᠤᠯᠬᠤ ᠠᠵᠢᠯ ᠢ ᠱᠠᠯᠠᠪᠳᠡᠡ ᠬᠢᠵᠤ ᠪᠤᠢ᠃ ᠮᠣᠩᠭᠤᠯ | ᠠᠷᠡᠳ ᠤᠨ ᠠᠮᠠᠨ ᠵᠣᠬᠢᠶᠠᠯ ᠤᠨ ᠭᠦᠷᠢᠶ᠎ᠠ ᠴᠠᠷᠠᠭ᠎ᠠ ᠮᠠᠰᠢ ᠶᠡᠭᠡ ᠪᠠᠶᠢᠵᠤ ᠡᠭᠦᠠ ᠳᠤ ᠢᠷᠦᠭᠡᠯ ᠮᠠᠭᠲᠠᠭᠠᠯ᠂ | ᠠᠷᠠᠳ ᠤᠨ ᠳᠠᠭᠤᠤ᠂ ᠵᠦᠢᠷ ᠰᠡᠴᠡᠨ ᠦᠭᠡ᠂ ᠪᠠᠭᠠᠲᠤᠷ ᠤᠨ ᠲᠤᠤᠯᠢ᠂ ᠴᠢᠳᠭᠦᠷ ᠤᠨ ᠦᠯᠢᠭᠡᠷ᠂ ᠨᠤᠳᠤᠭ | ᠤᠰᠤᠠ ᠤ ᠦᠯᠢᠭᠡᠷ ᠳᠤᠮᠤᠭ ᠵᠡᠷᠭᠡ ᠨᠢ ᠮᠤᠩᠭᠤᠯᠴᠤᠳ ᠤᠨ ᠡᠷᠳᠡ ᠪᠠ ᠤᠶᠢᠷ᠎ᠠ ᠦᠶ᠎ᠠ ᠶᠢᠨ ᠵᠠᠩ ᠵᠠᠩᠰᠢᠯ᠂ | ᠠᠮᠢᠳᠤᠷᠠᠯ ᠠᠬᠤᠢ ᠶᠢ ᠠᠮᠢᠳᠤ ᠪᠤᠳᠡᠳᠡᠢ ᠳᠤᠰᠬᠠᠭᠰᠠᠠ ᠪᠦᠭᠡᠳ ᠮᠤᠩᠭᠤᠯᠴᠤᠳ ᠤᠨ ᠳᠡᠤᠭᠡ ᠰᠤᠶᠤᠯ ᠤᠨ ᠴᠢᠬᠤᠯᠨ | ᠪᠦᠷᠢᠯᠳᠤᠭᠦᠠ ᠭᠡᠰᠡᠭ ᠪᠤᠯᠬᠤ ᠶᠤᠮ᠂ ᠳᠡᠳᠡᠭᠡᠷ ᠢ ᠡᠮᠬᠢᠳᠭᠡᠡ ᠴᠤᠭᠯᠠᠭᠤᠯᠵᠤ ᠭᠡᠪᠯᠡᠭᠦᠯᠭᠦ ᠨᠢ ᠠᠷᠡᠳ ᠤᠨ ᠠᠮᠠᠠ | ᠵᠤᠬᠢᠶᠠᠯ᠂ ᠠᠮᠠᠠ ᠤᠷᠡᠯᠢᠭ᠋ ᠢᠶᠠᠨ ᠤᠯᠠᠮᠵᠢᠯᠠᠵᠤ ᠭᠦᠭᠵᠢᠭᠦᠯᠭᠦ ᠳᠤ ᠶᠡᠭᠡ ᠠᠴᠢ ᠬᠤᠯᠪᠤᠭᠳᠡᠯ ᠲᠠᠢ ᠶᠤᠮ᠃ | ᠠᠷᠡᠳ ᠤᠨ ᠠᠮᠠᠠ ᠵᠤᠬᠢᠶᠠᠯ᠂ ᠠᠷᠡᠳ ᠤᠨ ᠠᠮᠠᠠ ᠤᠷᠠᠯᠢᠭ ᠤᠨ ᠠᠭᠤᠯᠭ᠎ᠠ ᠲᠦᠷᠤᠯ ᠪᠤᠯᠤᠭᠰᠠᠠ ᠠᠷᠡᠳ ᠤᠨ | ᠦᠯᠢᠭᠡᠷ ᠳᠤᠮᠤᠭ᠂ ᠢᠷᠤᠭᠡᠯ ᠮᠠᠭᠳᠠᠭᠠᠯ᠂ ᠠᠷᠡᠳ ᠤᠨ ᠳᠠᠭᠤᠤ᠂ ᠵᠦᠢᠷ ᠰᠡᠴᠡᠡ ᠦᠭᠡ᠂ ᠪᠠᠭᠠᠳᠤᠷ ᠤᠨ ᠳᠤᠤᠯᠢ | ᠳᠤᠭᠤᠵᠢ ᠡᠮᠬᠢᠳᠭᠡᠡ ᠨᠠᠶᠢᠷᠠᠭᠤᠯᠬᠤ ᠳᠡᠯ᠎ᠠ ᠪᠠᠷ ᠨᠡᠯᠢᠶᠡᠳ ᠰᠠᠶᠢᠠ ᠦᠷ᠎ᠠ ᠪᠦᠳᠤᠮᠵᠢᠳᠡᠢ ᠪᠠᠶᠢᠪᠠᠴᠤ᠂ ᠨᠤᠳᠤᠭ | ᠤᠰᠤᠠ ᠤ ᠦᠯᠢᠭᠡᠷ ᠳᠤᠮᠤᠭ᠂ ᠤᠪᠤᠭ ᠲᠦᠷᠤᠯ ᠤᠨ ᠡᠭᠦᠰᠤᠯ ᠭᠠᠷᠤᠯ ᠵᠡᠷᠭᠡ ᠶᠢ ᠡᠮᠬᠢᠳᠭᠡᠭᠦ ᠠᠵᠢᠯ ᠭᠦᠢᠴᠡᠳ | ᠦᠷᠨᠢᠵᠤ ᠴᠢᠳᠠᠭ᠎ᠠ ᠦᠭᠡᠢ ᠪᠠᠶᠢᠭᠰᠠᠭᠠᠷ ᠶᠤᠮ᠃ ᠡᠭᠦᠠ ᠤ ᠬᠠᠮᠤᠭ ᠭᠤᠤᠯ ᠰᠢᠯᠳᠠᠭᠠᠠ ᠨᠢ ᠭᠡᠪᠡᠯ᠂ ᠡᠨ᠋ᠨ ᠳᠤᠬᠠᠢ | ᠠᠵᠢᠯ ᠢ ᠡᠷᠳᠡᠭᠡᠡ ᠰᠢᠭ ᠦᠷᠨᠢᠭᠦᠯᠵᠤ ᠠᠮᠵᠢᠭᠰᠠᠠ ᠦᠭᠡᠢ ᠪᠠ ᠦᠯᠢᠭᠡᠷ ᠳᠤᠮᠤᠭ ᠮᠡᠳᠡᠳᠡᠭ ᠠᠬᠠᠮᠠᠳ ᠭᠦᠮᠤᠰ | ᠶᠠᠪᠤᠬᠤ ᠳᠤᠳᠤᠮ ᠪᠠᠭᠠᠰᠴᠤ ᠴᠦᠭᠡᠷᠡᠵᠤ ᠪᠠᠶᠢᠬᠤ ᠲᠠᠢ ᠬᠠᠮᠢᠶ᠎ᠠ ᠲᠠᠢ ᠭᠡᠵᠤ ᠤᠯᠳᠤᠢ ᠵᠤᠬᠢᠶᠠᠭᠴᠢ ᠳᠡᠨᠢᠵᠤ ᠪᠤᠢ᠃ | ᠦᠪᠡᠷ ᠤᠨ ᠪᠡᠶ᠎ᠠ ᠭᠦᠷᠢᠶ᠎ᠠ ᠨᠤᠳᠤᠭ ᠤᠨ ᠰᠢᠷᠤᠢ ᠳᠡᠭᠡᠷ᠎ᠠ ᠤᠨᠠᠵᠤ ᠭᠦᠷᠢᠶ᠎ᠠ ᠨᠤᠳᠤᠭ ᠤᠨ ᠤᠰᠤ ᠶᠢ | ᠤᠤᠭᠤᠵᠤ ᠦᠰᠤᠭ᠍ᠰᠡᠡ ᠪᠤᠯᠬᠤᠷ ᠲᠦᠷᠤᠭ᠍ᠰᠡᠡ ᠨᠤᠳᠤᠭ ᠤᠨ ᠢᠶᠠᠨ ᠭᠠᠵᠠᠷ ᠤᠰᠤᠠ ᠤ ᠨᠠᠷᠡᠶᠢᠳᠤᠯ ᠤᠨ ᠡᠭᠦᠰᠤᠯ | ᠭᠠᠷᠤᠯ᠂ ᠦᠯᠢᠭᠡᠷ ᠳᠤᠮᠤᠭ ᠢ ᠡᠳᠤᠢ ᠳᠡᠳᠤᠢ ᠮᠡᠳᠡᠭᠦ ᠪᠤᠯᠬᠤᠷ ᠨᠤᠳᠤᠭ ᠤᠰᠤᠠ ᠤ ᠪᠠᠨ ᠦᠯᠢᠭᠡᠷ ᠳᠤᠮᠤᠭ ᠲᠤ | ᠰᠠᠭᠤᠷᠢᠯᠠᠠ᠂ ᠭᠦᠷᠢᠶ᠎ᠠ ᠠᠷᠡᠳ ᠤᠨ ᠠᠮᠠᠠ ᠵᠤᠬᠢᠶᠠᠯ ᠤᠠᠴᠠᠭᠠᠶᠢᠯᠠᠠ ᠭᠦᠷᠢᠶ᠎ᠠ ᠬᠤᠰᠢᠭᠤᠠ ᠤ ᠨᠤᠳᠤᠭ ᠤᠰᠤᠠ ᠤ | ᠦᠯᠢᠭᠡᠷ ᠳᠤᠮᠤᠭ ᠡᠮᠬᠢᠳᠭᠡᠭᠦ ᠳᠤᠬᠠᠢ ᠳᠤ ᠦᠪᠡᠷ ᠤᠨ ᠭᠡᠳᠤᠠ ᠪᠤᠳᠤᠯ ᠲᠦᠷᠤᠭ᠍ᠳᠡᠯ ᠢᠶᠠᠨ ᠶᠠᠷᠢᠬᠤ ᠪᠠᠷ ᠪᠤᠢ᠃ | ᠭᠦᠷᠢᠶ᠎ᠠ ᠬᠤᠰᠢᠭᠤ ᠶᠢᠨ ᠨᠤᠳᠤᠭ ᠳᠡᠪᠢᠰᠭᠡᠷ ᠨᠢ ᠵᠢᠵᠢᠭᠭᠡᠡ ᠭᠡᠳᠡᠭ ᠪᠤᠯᠪᠠᠴᠤ ᠭᠦᠷᠤᠰᠤᠳᠤ ᠳᠡᠯᠡᠭᠡᠢ ᠶᠢᠨ ᠬᠠᠮᠤᠭ | ᠲᠦᠷᠢ ᠶᠢ ᠡᠨ᠋ᠨ ᠨᠤᠳᠤᠭ ᠢᠯᠡᠷᠡᠭᠦᠯᠤᠭ᠍ᠰᠡᠡ᠂ ᠭᠦᠷᠢᠶ᠎ᠠ ᠮᠤᠩᠭᠤᠯᠴᠤᠳ ᠤᠨ ᠭᠦᠮᠤᠠ ᠠᠮᠨ ᠴᠦᠭᠡᠡ ᠭᠡᠳᠡᠭ ᠠᠪᠠᠴᠤ | ᠭᠦᠮᠤᠠ ᠤ ᠤᠷᠴᠢᠯᠠᠩ ᠤᠨ ᠬᠠᠴᠢᠠ ᠦᠯᠢᠭᠡᠷ ᠳᠤᠮᠤᠭ ᠢ ᠡ᠊ᠨᠳᠡᠬᠢ ᠭᠦᠮᠤᠰ ᠠᠭᠤᠰᠬᠠᠭᠰᠠᠠ ᠭᠡᠳᠡᠭ ᠦᠨᠡᠡᠳᠡᠢ᠃ ︽ | ᠠᠷᠪᠠᠠ ᠬᠤᠶᠡᠷ ᠳᠤᠯᠤᠭᠠᠶᠢᠳᠤ ᠮᠠᠩᠭᠤᠰ ᠢ ᠳᠠᠷᠤᠭᠰᠠᠠ︾ ᠨᠠᠶᠠᠠ ᠵᠠᠩ ᠳᠤᠭᠤᠭᠠᠡᠭ᠂ ︽ᠭᠡᠰᠡᠷ ᠪᠤᠭᠳᠠ ᠶᠢᠨ | ᠨᠤᠮᠤ ᠰᠤᠮᠤ ᠳᠤ ᠤᠨᠤᠭᠳᠠᠠ ᠰᠠᠳᠠᠷᠡᠭᠰᠡᠡ︾ ᠶᠡᠭᠡ ᠠᠴᠢᠮᠠᠭ ᠠᠭᠤᠯᠨ᠂ ︽ᠠᠯᠳᠡᠡ ᠭᠠᠭ᠋ᠠᠢ ᠶᠢᠨ ᠰᠦᠷᠤᠭ᠌ | ᠴᠤᠪᠤᠭᠰᠠᠠ︾ ᠭᠠᠭ᠋ᠠᠢ ᠶᠢᠨ ᠠᠭᠤᠯᠨ᠂ ᠳᠠᠮᠤ ᠶᠢᠨ ᠴᠠᠭᠠᠠ ᠤ ᠡᠩᠭᠡᠷ ᠤᠨ ᠯᠢᠩᠬᠸᠡ ᠴᠡᠴᠡᠭᠳᠤ ᠨᠠᠭᠤᠷ᠂ ᠡᠷᠳᠡ | ᠳᠡᠭᠡᠳᠤ ᠶᠢᠨ ᠦᠶ᠎ᠠ ᠠᠴᠠ ᠤᠷᠤᠰᠬᠠᠯ ᠳᠠᠰᠤᠷᠠᠭᠠᠳᠤᠢ ᠶᠠᠩᠰᠢᠪ ᠭᠤᠤᠯ᠂ ᠶᠢᠰᠤᠠ ᠮᠢᠩᠭ᠎ᠠ ᠶᠢᠰᠤᠠ ᠵᠠᠭᠤ ᠶᠡᠷᠡ | ᠶᠢᠰᠤᠠ ᠭᠤᠤ ᠭᠠᠨᠭ᠌ ᠵᠡᠷᠭᠡ ᠳᠤ ᠬᠤᠷᠸ᠎ᠡ ᠶᠢᠨ ᠬᠠᠴᠢᠠ ᠦᠯᠢᠭᠡᠷ ᠳᠤᠮᠤᠭ ᠠᠭᠤᠰᠴᠤ ᠪᠠᠶᠢᠬᠤ ᠪᠠᠷ ᠦᠯᠤ ᠪᠡᠷᠡᠨ | ᠳᠠᠮᠤ ᠶᠢᠨ ᠴᠠᠭᠠᠠ ᠤ ᠠᠷᠤ ᠳᠠᠬᠢ ᠡᠯᠡᠰᠤ ᠮᠠᠩᠬᠠᠠ ᠤ ᠦᠡᠳᠤᠷ ᠵᠢᠯᠠᠭ᠎ᠠ᠂ ᠦᠷᠭᠡᠡ ᠳᠡᠯ᠎ᠠ᠂ ᠭᠦᠭᠰᠢᠠ ᠮᠤᠳᠤᠳ᠂ | ᠬᠠᠳᠠᠵᠤ ᠰᠢᠷᠬᠢᠭᠰᠡᠠ ᠨᠠᠭᠤᠷ ᠱᠠᠯᠪᠠᠭ ᠪᠦᠷᠢ ᠳᠤᠨᠢ ᠭᠡᠳ ᠪᠠᠰᠠ ᠠᠯᠢ ᠤᠯᠠᠠ ᠦᠯᠢᠭᠡᠷ ᠳᠤᠮᠤᠭ ᠲᠠᠢ ᠶᠤᠮ᠃ ᠮᠢᠨᠤ | ᠲᠦᠷᠤᠭ᠍ᠰᠡᠡ ᠨᠤᠳᠤᠭ ᠯᠠᠮᠨ ᠶᠢᠨ ᠪᠤᠮᠪᠠ ︵ᠤᠳᠤ ᠢᠯᠠᠯᠳᠠ ᠭᠡᠵᠤ ᠪᠤᠢ︶ ᠠᠶᠢᠯ ᠢᠶᠠᠷ ᠵᠢᠱᠢᠶᠠᠯᠠᠪᠠᠯ᠂ ᠯᠠᠮᠨ ᠶᠢᠨ | ᠪᠤᠮᠪᠠ ᠠᠶᠢᠯ ᠤᠨ ᠰᠠᠭᠤᠭᠠᠯᠢ ᠠᠷᠡᠳ ᠤᠨ ᠤᠯᠠᠩᠬᠢ ᠨᠢ ᠳᠠᠮᠤ ᠶᠢᠨ ᠴᠠᠭᠠᠠ ᠤ ᠡᠮᠤᠨᠡᠬᠢ ᠮᠠᠠᠽᠢ᠂ ᠯᠠᠶᠢᠽᠢ᠂ | ᠰᠢᠪᠠᠷᠳᠡᠢ ᠠᠴᠠ ᠨᠡᠭᠦᠳᠡᠯᠯᠡᠡ ︵ᠮᠢᠨᠤ ᠡᠪᠦᠭᠡ ᠴᠤ ᠮᠠᠠᠽᠢ ᠠᠴᠠ ᠨᠡᠭᠦᠠ ᠢᠷᠡᠪᠡ︶ ᠢᠷᠡᠭᠰᠡᠡ ᠭᠦᠮᠤᠰ ᠪᠠᠶᠢᠵᠤ᠂ | ᠤᠯᠠᠩᠬᠢ ᠨᠢ ᠪᠦᠷ ᠸᠠᠩ ᠤᠪᠤᠭᠳᠤ ᠪᠤᠯᠪᠠᠴᠤ ᠨᠢᠭᠡ ᠤᠭᠰᠠᠭᠠᠳᠡᠡ ᠪᠢᠰᠢ ᠶᠤᠮ᠃ ᠯᠠᠶᠢᠽᠢ᠂ ᠮᠠᠠᠽᠢ ᠨᠤᠳᠤᠭ ᠲᠠᠢ | ᠠᠬᠠᠮᠠᠳ ᠤᠨ ᠳᠤᠳᠤᠷ᠎ᠠ ᠳᠠᠤᠭᠡᠴᠢ ᠰᠤᠳᠤᠷᠴᠢ ᠦᠯᠢᠭᠡᠷᠴᠢ ᠬᠤᠭᠤᠷᠴᠢ ᠤᠯᠠᠠ ᠪᠤᠢ᠃ ᠡᠭᠦᠠ ᠳᠤ ᠯᠠᠶᠢᠽᠢ | ᠨᠤᠳᠤᠭ ᠲᠠᠢ ᠰᠤᠳᠤᠠᠪᠠᠯ ᠠᠪᠤ ᠦᠯᠢᠭᠡᠷ ᠳᠤᠮᠤᠭ ᠬᠠᠮᠤᠭ ᠠᠷᠪᠢᠠ ᠮᠡᠳᠡᠳᠡᠭ᠂ ᠳᠡᠭᠡᠷ᠎ᠠ ᠵᠠᠭᠤᠠ ᠤ ᠳᠠᠯᠠᠭᠠᠳ | ᠤᠠ ᠤ ᠦᠶᠡᠰ ᠪᠢᠳᠠ ᠭᠡᠭᠡᠷ᠎ᠠ ᠶᠢᠨ ᠳᠡᠷᠢᠶᠠᠠ ᠠᠵᠢᠯ ᠤᠨ ᠠᠮᠠᠷᠠᠬᠤ ᠵᠠᠪᠰᠠᠷ ᠵᠠᠢ ᠳᠤ ᠪᠦᠷ ᠰᠤᠳᠤᠠᠪᠠᠯ ᠠᠪᠤ ᠶᠢ | ᠳᠤᠭᠤᠷᠢᠠ ᠰᠠᠭᠤᠵᠤ ᠳᠡᠭᠦᠠ ᠤ ᠶᠠᠷᠢᠬᠤ ᠦᠯᠢᠭᠡᠷ ᠳᠤᠮᠤᠭ ᠢ ᠪᠠᠨᠬᠳᠤᠠ ᠰᠤᠨᠤᠰᠳᠠᠭ ᠪᠠᠶᠢᠭᠰᠠᠠ᠃ ᠰᠤᠳᠤᠠᠪᠠᠯ | ᠠᠪᠤ ᠦᠯᠢᠭᠡᠷ ᠳᠤᠮᠤᠭ ᠰᠠᠶᠢᠠ ᠮᠡᠳᠡᠵᠤ ᠶᠠᠷᠢᠬᠤ ᠪᠠᠷ ᠦᠯᠤ ᠪᠠᠷᠠᠨ ᠢᠷᠤᠭᠡᠯ ᠵᠦᠡᠭᠨᠡᠯ ᠢ ᠰᠠᠶᠢᠠ ᠭᠡᠯᠡᠵᠤ ᠪᠠᠰᠠ | ᠠᠷᠡᠳ ᠤᠨ ᠳᠠᠭᠤᠤ ᠶᠢ ᠰᠠᠶᠢᠬᠠᠠ ᠳᠠᠭᠤᠯᠠᠳᠠᠭ ᠪᠠᠶᠢᠭᠰᠠᠠ᠃ ᠢᠷᠤᠭᠡᠭᠡᠳ ᠠᠪᠤᠪᠠᠯ ᠬᠠᠭᠠᠰ ᠴᠠᠭ ᠴᠢᠨᠠᠭᠰᠢᠯᠠᠭᠠᠳ | ᠨᠠᠩ ᠤᠷᠳᠤ ᠢᠷᠤᠭᠡᠭᠡᠳ ᠵᠤᠭᠰᠤᠬᠤ ᠦᠭᠡᠢ ᠪᠤᠯᠬᠤᠷ ᠨᠢ ᠠᠶᠢᠯ ᠤᠨ ᠵᠠᠯᠠᠭᠤᠴᠤᠳ ᠵᠢᠯ ᠴᠠᠭᠠᠠ ᠰᠡᠷ᠎ᠠ ᠰᠤᠳᠤᠠᠪᠠᠯ | ᠠᠪᠤ ᠳᠤ ᠵᠤᠯᠭᠠᠬᠤ ᠠᠴᠠ ᠡᠮᠢᠶᠡᠳᠡᠭ ᠪᠠᠶᠢᠭᠰᠠᠠ ᠶᠤᠮ᠃ ᠬᠠᠷᠡᠮᠰᠡᠯᠳᠡᠢ ᠨᠢ ᠰᠤᠳᠤᠠᠪᠠᠯ ᠠᠪᠤ ᠭᠡᠳᠤᠠ ᠵᠢᠯ ᠤᠨ | ᠡᠮᠤᠨ᠎ᠠ ᠡᠪᠡᠳᠴᠢᠠ ᠢᠶᠠᠷ ᠨᠠᠰᠤ ᠪᠠᠷᠡᠵᠤ᠂ ᠳᠡᠭᠦᠠ ᠤ ᠠᠷᠪᠢᠠ ᠦᠯᠢᠭᠡᠷ ᠳᠤᠮᠤᠭ᠂ ᠢᠷᠤᠭᠡᠯ ᠵᠦᠡᠭᠨᠠᠯ ᠢ ᠳᠠᠮᠳᠡᠭᠯᠡᠵᠤ | ᠰᠢᠩᠭᠡᠭᠡᠵᠤ ᠠᠪᠤᠭᠰᠠᠠ ᠭᠦᠮᠤᠠ ᠪᠠᠶᠢᠭᠰᠠᠠ ᠦᠭᠡᠢ᠃ ᠰᠤᠳᠤᠠᠪᠠᠯ ᠠᠪᠤ ᠠᠴᠠ ᠠᠰᠳᠠᠭᠠᠠ ᠪᠠᠰᠠ ᠷᠠᠯᠬᠠ ᠠᠪᠤ᠂ | ᠠᠷᠢᠪᠴᠠᠭ ᠠᠪᠤ᠂ ᠵᠠᠮᠢᠶᠠᠠ ᠠᠪᠤ᠂ ᠰᠠᠩᠭᠡ ᠠᠪᠤ ᠵᠡᠷᠭᠡ ᠵᠡᠷᠭᠡ ᠳᠡᠤᠭᠡ ᠰᠤᠳᠤᠷ ᠰᠠᠶᠢᠠ ᠮᠡᠳᠡᠳᠡᠭ ᠠᠬᠠᠮᠠᠳ ᠪᠠᠶᠢᠪᠠ | ᠃ ᠭᠡᠶ᠎ᠠ ᠳᠡᠳᠡᠭᠡᠷ ᠠᠬᠠᠮᠠᠳ ᠦᠡᠭᠭᠡᠷᠡᠭᠰᠡᠡ ᠠᠷᠪᠠᠭᠠᠳ ᠵᠢᠯ ᠤᠨ ᠬᠤᠭᠤᠴᠠᠭᠠᠠ ᠳᠤ ᠬᠤᠶᠢᠨ᠎ᠠ ᠡᠮᠤᠨ᠎ᠠ ᠪᠦᠷ ᠨᠠᠰᠤ | ᠪᠠᠷᠡᠪᠡ᠃ ᠨᠤᠳᠤᠭ ᠤᠰᠤᠠ ᠤ ᠦᠯᠢᠭᠡᠷ ᠳᠤᠮᠤᠭ ᠢ ᠡᠮᠬᠢᠳᠭᠡᠭᠦ᠂ ᠨᠤᠳᠤᠭ ᠤᠰᠤᠠ ᠤ ᠨᠠᠷᠡᠶᠢᠳᠤᠯ ᠢ ᠳᠡᠮᠳᠡᠭᠯᠡᠭᠦ | ᠶᠠᠪᠤᠳᠡᠯ ᠮᠠᠰᠢ ᠪᠠᠴᠢᠮ ᠳᠤᠯᠭᠠᠮ᠎ᠠ ᠪᠠᠶᠢᠵᠤ᠂ ᠭᠤᠤᠯᠳᠠᠭᠤ ᠳᠤᠤᠷᠡᠬᠢ ᠨᠠᠢᠮᠠᠠ ᠠᠷᠭ᠎ᠠ ᠠᠪᠴᠡᠯ ᠢ ᠪᠠᠷᠢᠮᠳᠠᠯᠠᠠ | ᠭᠠᠷᠳᠡᠡ ᠭᠦᠢᠴᠡᠳᠭᠡᠭᠦ ᠴᠢᠬᠤᠯᠨ ᠲᠠᠢ᠃ | ᠨᠢᠭᠡ᠂ ᠳᠤᠰᠬᠠᠢ ᠰᠤᠳᠤᠯᠭᠠᠠ ᠤ ᠨᠡᠶᠢᠭᠡᠮᠯᠢᠭ ᠢ ᠪᠠᠶᠢᠭᠤᠯᠵᠤ᠂ ᠰᠢᠡᠵᠢᠯᠡᠭᠡ ᠰᠤᠳᠤᠯᠭᠠᠠ ᠤ ᠭᠦᠷᠢᠶ᠎ᠠ | ᠭᠡᠪᠴᠢᠶ᠎ᠠ ᠶᠢ ᠦᠷᠭᠡᠳᠭᠡᠭᠦ ᠴᠢᠬᠤᠯᠨ ᠲᠠᠢ᠃ ᠡᠭᠦᠠ ᠳᠤ ᠭᠤᠤᠯᠳᠠᠭᠤ ᠠᠵᠢᠯ ᠠᠴᠠ ᠪᠠᠨ ᠠᠮᠠᠷᠠᠭᠰᠠᠠ ᠺᠠᠳ᠋ᠷ᠂ | ᠪᠠᠭᠰᠢ ᠨᠠᠷ ᠢ ᠨᠡᠶᠢᠭᠡᠮᠯᠢᠭ ᠲᠡᠭᠡᠨ ᠭᠡᠰᠢᠭᠦᠠ ᠢᠶᠠᠷ ᠤᠷᠢᠵᠤ᠂ ᠠᠵᠢᠯᠯᠠᠬᠤ ᠭᠡᠷ᠂ ᠵᠠᠷᠤᠯᠭ᠎ᠠ ᠰᠦᠢᠳᠭᠡᠯ᠂ ᠳᠡᠷᠭᠡ | ᠭᠦᠰᠭᠡ ᠶᠢᠨ ᠳᠡᠯ᠎ᠠ ᠪᠠᠷ ᠳᠡᠮᠵᠢᠯᠭᠡ ᠦᠵᠡᠭᠦᠯᠪᠡᠯ ᠵᠤᠬᠢᠨ᠎ᠠ᠃ ᠨᠡᠶᠢᠭᠡᠮᠯᠢᠭ ᠭᠡᠰᠢᠭᠦᠠ ᠡᠯᠰᠡᠭᠦ ᠳᠤ ᠰᠤᠮᠤ ᠪᠠᠯᠭᠠᠰᠤ | ᠭᠠᠴᠠᠭ᠎ᠠ ᠳᠤᠰᠬᠤᠠ ᠤ ᠠᠵᠢᠯ ᠠᠴᠠ ᠪᠠᠨ ᠠᠮᠠᠷᠠᠭᠰᠠᠠ ᠺᠠᠳ᠋ᠷ ᠪᠤᠯᠤᠠ ᠪᠠᠭᠰᠢ ᠶᠢ ᠢᠯᠡᠭᠦᠭᠡᠡ ᠤᠷᠢᠵᠤ ᠡᠯᠰᠡᠪᠡᠯ | ᠨᠤᠳᠤᠭ ᠤᠰᠤᠠ ᠤ ᠦᠯᠢᠭᠡᠷ ᠳᠤᠮᠤᠭ ᠡᠮᠬᠢᠳᠭᠡᠭᠦ ᠳᠤ ᠠᠴᠢ ᠳᠤᠰᠠ ᠲᠠᠢ ᠪᠤᠯᠤᠨ᠎ᠠ᠃ ᠬᠤᠷᠴᠢᠠ ᠳᠤᠭᠤᠷᠢᠭ ᠤᠨ | ᠮᠤᠷᠤᠢ ᠶᠢᠨ ᠰᠦᠮ᠎ᠠ ᠰᠤᠮᠤ ᠳᠤ ᠪᠠᠢ ᠰᠧᠯᠾᠭᠡ ᠭᠡᠳᠡᠭ ᠠᠬᠠᠮᠠᠳ ᠺᠠᠳ᠋ᠷ ᠪᠠᠶᠢᠵᠤ᠂ ᠳᠡᠷᠨ ᠮᠤᠷᠤᠢ ᠶᠢᠨ ᠰᠦᠮ᠎ᠠ ᠶᠢᠨ | ᠳᠠᠤᠭᠡ ᠰᠤᠶᠤᠯ ᠦᠯᠢᠭᠡᠷ ᠳᠤᠮᠤᠭ ᠢ ᠰᠠᠶᠢᠠ ᠮᠡᠳᠡᠭᠦ ᠪᠠᠷ ᠪᠠᠷᠠᠬᠤ ᠦᠭᠡᠢ᠂ ᠭᠦᠷᠢᠶ᠎ᠠ ᠬᠤᠰᠢᠭᠤ ᠶᠢᠨ ᠦᠯᠢᠭᠡᠷ | ᠳᠡᠤᠭᠡ ᠶᠢ ᠰᠠᠶᠢᠠ ᠮᠠᠳᠡᠵᠤ᠂ ︽ᠭᠦᠷᠢᠶ᠎ᠠ ᠬᠤᠰᠢᠭᠤ ᠶᠢᠨ ᠬᠠᠷᠠᠭᠤᠤ ᠳᠠᠭᠠᠤ ᠶᠢᠨ ᠸᠠᠩ ᠤᠪᠤᠭᠳᠠᠳ ᠨᠢ ᠳᠠᠩᠱᠠᠠ | ᠪᠤᠭᠤᠮᠳᠠ ᠪᠠᠷ ᠳᠡᠮᠵᠢᠠ ᠤᠷᠤᠭᠤᠯᠵᠤ ᠢᠷᠡᠭᠰᠡᠡ ᠲᠦᠷᠤᠭᠦᠤ ᠪᠦᠯᠤᠭ᠌ ᠠᠷᠪᠠᠠ ᠨᠠᠢᠮᠠᠠ ᠤᠪᠤᠭᠳᠠᠳ ᠤᠨ ᠳᠤᠳᠤᠷᠡᠬᠢ | ᠤᠭᠰᠠᠭ᠎ᠠ ᠲᠦᠷᠤᠯ ᠪᠤᠯᠤᠨ᠎ᠠ᠂ ᠳᠡᠳᠡᠨᠡᠷ ᠪᠤᠯ ᠶᠤᠸᠠᠠ ᠤᠯᠤᠰ ᠤᠨ ᠦᠶᠡᠰ ᠱᠠᠠ ᠰᠢ᠂ ᠱᠠᠠᠰᠢ ᠳᠡᠰᠢ ᠨᠡᠭᠦᠳᠡᠯᠯᠡᠵᠤ | ᠤᠴᠢᠭᠰᠠᠠ ᠮᠤᠩᠭᠤᠯᠴᠤᠳ ᠤᠨ ᠬᠤᠶᠢᠴᠢᠰ ᠪᠦᠭᠡᠳ ᠤᠯᠠᠩᠬᠢ ᠨᠢ ᠲᠦᠮᠠᠳ ᠮᠤᠩᠭᠤᠯᠴᠤᠳ ᠪᠤᠯᠤᠨ᠎ᠠ︾ ᠭᠡᠵᠤ | ᠪᠡᠢ ᠰᠧᠯᠾᠭᠡ ᠡᠪᠤᠭᠡᠡ ᠨᠠᠳᠠ ᠶᠠᠷᠢᠪᠠ᠃ ᠡᠶᠢᠡᠭᠦ ᠦᠡᠳᠤᠰᠤᠠ ᠱᠠᠳᠤᠠ ᠤ ᠪᠠᠭᠰᠢ᠂ ᠠᠬᠠᠮᠠᠳ ᠺᠠᠳ᠋ᠷ ᠢ | ᠨᠡᠶᠢᠭᠡᠮᠯᠢᠭ ᠲᠡᠭᠡᠨ ᠤᠷᠢᠵᠤ ᠡᠯᠰᠡᠭᠦ ᠨᠢ ᠨᠤᠳᠤᠭ ᠤᠰᠤᠠ ᠤ ᠦᠯᠢᠭᠡᠷ ᠳᠤᠮᠤᠭ ᠡᠮᠬᠢᠳᠭᠡᠭᠦ ᠳᠤ ᠳᠤᠰᠠ ᠲᠠᠢ | ᠪᠠᠶᠢᠳᠠᠭ᠃ | ᠬᠤᠶᠡᠷ᠂ ᠨᠤᠳᠤᠭ ᠤᠰᠤᠠ ᠤ ᠦᠯᠢᠭᠡᠷ ᠳᠤᠮᠤᠭ᠂ ᠤᠪᠤᠭ ᠤᠭᠰᠠᠭ᠎ᠠ ᠶᠢᠨ ᠦᠯᠢᠭᠡᠷ᠂ ᠴᠢᠳᠭᠦᠷ ᠤᠨ | ᠦᠯᠢᠭᠡᠷ ᠵᠢᠴᠢ ᠢᠷᠤᠭᠡᠯ ᠮᠠᠭᠳᠠᠭᠠᠯ ᠤᠨ ᠳᠤᠬᠠᠢ ᠤᠷᠤᠯᠳᠤᠭᠠᠠ ᠮᠦᠷᠦ᠋ᠢᠴᠡᠭᠡᠡ ᠦᠷᠨᠢᠭᠦᠯᠭᠦ ᠴᠢᠬᠤᠯᠨ ᠲᠠᠢ᠃ | ᠪᠢᠳᠠ ᠠᠷᠡᠳ ᠤᠨ ᠳᠠᠭᠤᠤ᠂ ᠠᠠᠳᠡᠢ ᠪᠦᠵᠢᠭ ᠤᠨ ᠤᠷᠤᠯᠳᠤᠭᠠᠠ ᠮᠦᠷᠦ᠋ᠢᠴᠡᠭᠡᠡ ᠦᠷᠨᠢᠭᠦᠯᠭᠦ ᠳᠡᠭᠡᠷ᠎ᠠ ᠭᠦᠴᠤ | ᠭᠠᠷᠭᠠᠬᠤ ᠶᠢᠨ ᠬᠠᠮᠳᠤ ᠨᠤᠳᠤᠭ ᠤᠰᠤᠠ ᠤ ᠦᠯᠢᠭᠡᠷ ᠳᠤᠮᠤᠭ᠂ ᠴᠢᠳᠭᠦᠷ ᠤᠨ ᠦᠯᠢᠭᠡᠷ᠂ ᠤᠪᠤᠭ ᠤᠭᠰᠠᠭ᠎ᠠ ᠶᠢᠨ | ᠦᠯᠢᠭᠡᠷ᠂ ᠢᠷᠤᠭᠡᠯ ᠮᠠᠭᠳᠠᠭᠠᠯ ᠮᠠᠳᠤ ᠶᠢᠨ ᠤᠷᠤᠯᠳᠤᠭᠠᠠ ᠮᠦᠷᠦ᠋ᠢᠴᠡᠭᠡᠡ ᠦᠷᠨᠢᠭᠦᠯᠭᠦ ᠶᠢ ᠪᠠᠰᠠ ᠴᠢᠬᠤᠯᠠᠴᠢᠯᠠᠠ | ᠦᠵᠡᠭᠦ ᠭᠡᠷᠡᠭᠳᠡᠢ᠃ ᠪᠢᠳᠠ ᠡᠶᠢᠮᠤᠷᠭᠦ ᠭᠡᠯᠪᠡᠷᠢ ᠪᠠᠷ ᠳᠡᠮᠵᠢᠠ ᠨᠠᠩ ᠤᠯᠠᠠ ︽ᠨᠤᠳᠤᠭ ᠤᠰᠤᠠ ᠤ ᠦᠯᠢᠭᠡᠷ ᠳᠤᠮᠤᠭ | ︾ ᠢ ᠮᠡᠳᠡᠵᠤ ᠡᠮᠬᠢᠳᠭᠡᠵᠤ᠂ ᠪᠠᠰᠠ ᠠᠷᠡᠳ ᠤᠯᠠᠠ ᠳᠤ ᠪᠦᠳᠤᠮᠵᠢᠳᠡᠢ ᠮᠡᠳᠡᠭᠦᠯᠵᠤ ᠤᠬᠠᠭᠤᠯᠵᠦ ᠪᠤᠯᠤᠨ᠎ᠠ᠃ | ᠡᠭᠦᠠ ᠳᠤ ᠢᠷᠤᠭᠡᠯ ᠤᠨ ᠲᠦᠷᠤᠯ ᠵᠦᠢᠯ ᠮᠠᠰᠢ ᠡᠯᠪᠡᠭ ᠪᠠᠶᠠᠯᠢᠭ ᠪᠠᠶᠢᠳᠠᠭ᠃ ᠴᠠᠭᠠᠠ ᠰᠡᠷ᠎ᠠ ᠶᠢᠨ ᠢᠷᠤᠭᠡᠯ᠂ | ᠨᠠᠰᠤᠠ ᠪᠠᠶᠠᠷ ᠤᠨ ᠢᠷᠤᠭᠡᠯ᠂ ᠬᠤᠷᠢᠮ ᠤᠨ ᠢᠷᠤᠭᠡᠯ᠂ ᠠᠩᠭ᠎ᠠ ᠭᠡᠤᠭᠡᠳ ᠤᠨ ᠢᠷᠤᠭᠡᠯ᠂ ᠤᠪᠤᠭᠠᠠ ᠳᠡᠬᠢᠯᠭ᠎ᠠ ᠶᠢᠨ | ᠢᠷᠤᠭᠡᠯ᠂ ᠳᠡᠷᠢᠶ᠎ᠠ ᠮᠤᠳᠤ ᠶᠢᠨ ᠢᠷᠤᠭᠡᠯ᠂ ᠠᠳᠤᠭᠤ ᠮᠠᠯ ᠤᠨ ᠢᠷᠤᠭᠡᠯ ᠭᠡᠭᠦ ᠮᠠᠳᠤ ᠪᠠᠷ ᠤᠯᠠᠠ ᠶᠠᠩᠵᠤ ᠶᠢᠨ | ᠪᠠᠶᠢᠳᠠᠭ᠃ | ᠭᠤᠷᠪᠡ᠂ ᠡᠷᠳᠡᠡ ᠤ ᠳᠡᠤᠭᠡ ᠰᠤᠶᠤᠯ᠂ ᠳᠤᠷᠡᠰᠬᠠᠯᠳᠤ ᠵᠦᠢᠯᠡᠰ ᠤᠨ ᠳᠤᠬᠠᠶᠢᠳᠡᠢ ᠳᠤᠰᠬᠠᠢ ᠮᠡᠷᠭᠡᠵᠢᠯ | ᠰᠤᠷᠤᠭᠰᠠᠠ ᠤᠶᠤᠳᠡᠡ ᠡᠷᠳᠡᠮᠳᠡᠡ ᠢ ᠤᠷᠢᠵᠤ ᠭᠡᠷᠡᠭᠯᠡᠭᠦ ᠴᠢᠬᠤᠯᠨ ᠲᠠᠢ᠃ ᠭᠡᠷᠪᠡ ᠨᠢᠭᠡ ᠬᠤᠰᠢᠭᠤ ᠰᠢᠶᠠᠠ | ᠦᠪᠡᠷᠳᠡᠭᠡᠡ ᠡᠶᠢᠮᠤ ᠳᠤᠬᠠᠶᠢᠳᠡᠢ ᠡᠷᠳᠡᠮᠳᠡᠡ ᠠᠵᠢᠯᠳᠡᠡ ᠲᠠᠢ ᠪᠤᠯᠪᠠᠯ ᠨᠤᠳᠤᠭ ᠤᠰᠤᠠ ᠤ ᠬᠠᠭᠤᠴᠢ ᠰᠤᠳᠤᠯᠤᠯ᠂ | ᠡᠷᠳᠡᠡ ᠤ ᠳᠤᠷᠡᠰᠬᠠᠯᠳᠤ ᠵᠦᠢᠯᠡᠰ ᠢ ᠰᠢᠡᠵᠢᠯᠡᠵᠤ ᠢᠯᠡᠷᠡᠭᠦᠯᠭᠦ ᠳᠤ ᠮᠠᠰᠢ ᠲᠦᠭᠦᠮ ᠬᠢᠯᠪᠡᠷ ᠪᠠᠶᠢᠳᠠᠭ᠃ ᠭᠤᠴᠢᠭᠠᠳ | ᠵᠢᠯ ᠤᠨ ᠡᠮᠤᠨ᠎ᠠ ᠳ᠋ᠡᠵᠡᠢ ᠠᠴᠠ ᠰᠤᠷᠤᠯᠴᠡᠬᠤ ᠰᠠᠭᠤᠷᠢᠠ ᠳᠡᠷᠢᠶ᠎ᠠ ᠶᠢᠨ ᠤᠰᠤᠠ ᠰᠤᠪᠠᠭ ᠮᠠᠯᠳᠡᠵᠤ ᠪᠠᠶᠢᠭ᠎ᠠ ᠦᠶᠡᠰ᠂ | ᠮᠢᠨᠤ ᠨᠤᠳᠤᠭ ᠯᠠᠮᠨ ᠶᠢᠨ ᠪᠤᠮᠪᠠ ᠠᠶᠢᠯ ᠤᠨ ᠵᠡᠭᠦᠡᠳᠡᠢ ᠬᠠᠳᠤᠡᠳᠡᠯᠠ ᠶᠢᠨ ᠵᠡᠭᠦᠠ ᠠᠮᠠᠰᠠᠷ ᠬᠢᠭᠡᠳ ᠮᠠᠠ ᠤ ᠤᠷᠢᠳᠤ | ᠯᠠᠮᠨ ᠶᠢᠨ ᠪᠤᠮᠪᠠ ᠠᠶᠢᠯ ᠤᠨ ᠵᠡᠭᠦᠠ ᠤᠷᠢᠳᠡᠢ ᠳᠠᠪᠤᠠ ᠮᠠᠨᠢ ᠶᠢᠨ ᠳᠡᠯ᠎ᠠ ᠶᠢᠨ ᠵᠡᠭᠦᠠ ᠭᠡᠰᠡᠭ ᠳᠠᠭᠠᠤ ᠤᠯᠠᠠ ᠠᠷᠪᠢᠠ | ᠡᠷᠳᠡᠡ ᠤ ᠭᠦᠭᠡ ᠬᠤᠸᠡᠷᠳᠡᠢ ᠱᠠᠵᠠᠩ ᠡᠳ᠋ᠯᠠᠯ ᠸᠠᠭᠠᠷ ᠤᠨ ᠬᠠᠭᠠᠷᠬᠠᠢ ᠮᠠᠯᠳᠠᠭᠳᠠᠠ ᠭᠠᠷᠴᠤ ᠪᠠᠶᠢᠭᠰᠠᠠ᠂ ᠠᠶᠢᠯ ᠤᠨ | ᠵᠡᠷᠢᠮ ᠦᠡᠳᠤᠷ ᠵᠢᠯᠠᠭ᠎ᠠ ᠪᠤᠯᠳᠤ ᠪᠠᠷ ᠢᠶᠠᠨ ᠭᠡᠶᠢᠰᠴᠤ ᠰᠢᠯᠵᠢᠭᠦ ᠳᠤ ᠳᠡᠭᠦᠠ ᠤ ᠰᠠᠭᠤᠷᠢ ᠠᠴᠠ ᠪᠠᠯᠠᠷ ᠡᠷᠳᠡᠡ ᠤ | ᠭᠦᠮᠤᠠ ᠤ ᠭᠡᠷᠡᠭᠯᠡᠵᠤ ᠪᠠᠶᠢᠭᠰᠠᠠ ᠭᠡᠳᠤᠠ ᠰᠢᠷᠤᠢ ᠶᠢᠨ ᠪᠤᠳᠤᠩ ᠢᠯᠡᠷᠡᠭᠰᠡᠡ ᠭᠡᠵᠤ ᠨᠤᠳᠤᠭ ᠤᠨ ᠭᠦᠮᠤᠰ ᠠᠴᠠ | ᠰᠤᠨᠤᠰᠤᠭᠰᠠᠠ ᠶᠤᠮ᠃ | ᠲᠦᠷᠪᠡ᠂ ᠠᠶᠢᠯ ᠭᠠᠴᠠᠭ᠎ᠠ ︵ᠰᠤᠮᠤ︶ ᠶᠢᠨ ᠤᠤᠷ ᠨᠡᠷ᠎ᠠ ᠤᠵᠤᠭᠤᠷ ᠳᠠᠭᠤᠳᠠᠯᠭ᠎ᠠ ᠶᠢ ᠵᠠᠪᠠᠯ ᠰᠡᠷᠭᠦᠭᠡᠭᠦ | ᠴᠢᠬᠤᠯᠨ ᠲᠠᠢ᠃ ᠨᠢᠭᠡ ᠠᠶᠢᠯ ᠭᠠᠴᠠᠭ᠎ᠠ ᠶᠢᠨ ᠤᠤᠷ ᠨᠠᠷᠠ ᠳᠠᠭᠤᠳᠠᠯᠭ᠎ᠠ ᠳᠤ ᠳᠡᠷᠨ ᠠᠶᠢᠯ ᠭᠠᠴᠠᠭ᠎ᠠ ᠶᠢᠨ ᠳᠠᠤᠭᠡ | ᠰᠤᠶᠤᠯ ᠵᠢᠴᠢ ᠡᠭᠦᠰᠤᠯ ᠭᠠᠷᠤᠯ ᠤᠨ ᠦᠯᠢᠭᠡᠷ ᠳᠤᠮᠤᠭ ᠠᠭᠤᠰᠴᠤ ᠪᠠᠶᠢᠳᠠᠭ ᠶᠤᠮ᠃ ᠭᠡᠷᠪᠡ ᠨᠢᠭᠡ ᠠᠶᠢᠯ | ᠭᠠᠴᠠᠭ᠎ᠠ ︵ᠰᠤᠮᠤ︶ ᠦᠪᠡᠷ ᠤᠨ ᠤᠤᠷ ᠨᠡᠷ᠎ᠠ ᠪᠠᠨ ᠠᠯᠳᠠᠪᠠᠯ ᠳᠡᠷᠤᠢ ᠦᠪᠡᠷ ᠤᠨ ᠳᠡᠤᠭᠡ ᠰᠤᠶᠤᠯ ᠡᠭᠦᠰᠤᠯ | ᠭᠠᠷᠤᠯ ᠢᠶᠠᠨ ᠠᠯᠳᠠᠭᠰᠠᠠ ᠶᠠᠪᠤᠳᠡᠯ ᠪᠤᠯᠬᠤ ᠶᠤᠮ᠃ ᠦᠡᠭᠭᠡᠷᠡᠭᠰᠡᠡ ᠵᠠᠭᠤᠳᠤ ᠶᠢᠨ ᠬᠤᠪᠢᠰᠬᠠᠯ ᠤᠨ ᠭᠦᠳᠡᠯᠭᠡᠭᠡᠡ ᠤ | ᠳᠤᠮᠳᠠ ᠵᠡᠷᠢᠮ ᠠᠶᠢᠯ ᠭᠠᠴᠠᠭ᠎ᠠ ︵ᠰᠤᠮᠤ︶ ᠶᠢᠨ ᠤᠤᠷ ᠨᠠᠷᠠ ᠤᠵᠤᠭᠤᠷ ᠳᠠᠭᠤᠳᠠᠯᠭ᠎ᠠ ᠨᠢ ᠬᠠᠯᠠᠭᠳᠠᠠ | ᠬᠤᠪᠢᠷᠠᠭᠰᠠᠠ ᠪᠠᠶᠢᠳᠠᠭ᠃ ᠮᠢᠨᠤ ᠨᠤᠳᠤᠭ ᠯᠠᠮᠨ ᠶᠢᠨ ᠪᠤᠮᠪᠠ ᠠᠶᠢᠯ ᠨᠢ ᠤᠳᠤ ᠮᠦᠠ ᠰᠤᠶᠤᠯ ᠤᠨ ᠶᠡᠭᠡ | ᠬᠤᠪᠢᠰᠬᠠᠯ ᠤᠨ ᠳᠤᠮᠳᠠ ᠬᠠᠯᠠᠭᠳᠠᠭᠰᠠᠠ ︽ᠢᠯᠠᠯᠳᠠ︾ ᠢᠶᠠᠷ ᠶᠠᠪᠤᠵᠤ ᠪᠤᠢ᠃ ᠦᠨᠡᠡᠳᠡᠭᠡᠡ ᠮᠠᠩᠬᠠᠠ ᠰᠤᠮᠤ ᠶᠢᠨ | ᠤᠤᠯ ᠨᠡᠷ᠎ᠠ ᠨᠢ ︽ᠭᠡᠶᠢᠳ ᠤᠨ ᠰᠦᠮ᠎ᠠ︾ ︵ᠪᠠᠰᠠ ᠭᠦᠢᠰᠤ ᠶᠢᠨ ᠰᠦᠮ᠎ᠠ ᠭᠡᠳᠡᠭ︶ ᠭᠡᠵᠤ᠂ ᠡᠯᠡᠰᠤᠠ | ᠪᠠᠯᠭᠠᠰᠤ ᠶᠢᠨ ᠤᠤᠯ ᠨᠠᠷᠠ ᠪᠠᠰᠠ ᠡᠯᠡᠰᠤᠠ ᠪᠢᠰᠢ ︽ᠪᠧᠪᠧ︾ ᠭᠡᠮᠡᠳᠡᠭ᠃ ᠯᠠᠮᠨ ᠶᠢᠨ ᠪᠤᠮᠪᠠ ᠭᠡᠮᠡᠭᠦ | ᠨᠡᠷᠡᠶᠢᠳᠤᠯ ᠳᠤ ᠳᠤᠰ ᠠᠶᠢᠯ ᠤᠨ ᠡᠭᠦᠰᠤᠯ ᠭᠠᠷᠤᠯ ᠤᠨ ᠳᠤᠬᠠᠢ ᠤᠯᠠᠠ ᠦᠯᠢᠭᠡᠷ ᠳᠤᠮᠤᠭ ᠠᠭᠤᠯᠤᠭᠳᠠᠵᠤ ᠪᠠᠶᠢᠳᠠᠭ | ᠂ ᠭᠡᠳᠡᠯ᠎ᠠ ︽ᠢᠯᠡᠯᠳᠠ︾ ᠭᠡᠵᠤ ᠬᠠᠯᠠᠭᠰᠠᠠ ᠰᠢᠨ᠎ᠠ ᠨᠡᠷ᠎ᠠ ᠨᠢ ᠳᠤᠰ ᠠᠶᠢᠯ ᠳᠤ ᠠᠪᠴᠤ ᠭᠡᠯᠡᠪᠡᠯ ᠶᠠᠮᠠᠷᠴᠤ ᠤᠳᠬ᠎ᠠ | ᠠᠭᠤᠯᠭ᠎ᠠ ᠦᠭᠡᠢ᠂ ᠭᠡᠢ ᠬᠤᠭᠤᠰᠤᠠ ᠳᠡᠮᠳᠡᠭ ᠳᠡᠳᠤᠢ ᠪᠤᠯᠬᠤ ᠶᠤᠮ᠃ ᠡᠶᠢᠡᠭᠦ ᠠᠶᠢᠯ ᠭᠠᠴᠠᠭ᠎ᠠ ︵ᠰᠤᠮᠤ︶ ᠶᠢᠨ | ᠤᠤᠷ ᠨᠠᠷᠠ ᠶᠢ ᠰᠡᠷᠭᠦᠭᠡᠭᠦ ᠶᠠᠪᠤᠳᠡᠯ ᠮᠠᠰᠢ ᠴᠢᠬᠤᠯᠨ ᠪᠠᠶᠢᠵᠤ᠂ ᠤᠤᠷ ᠨᠡᠷ᠎ᠠ ᠶᠢ ᠨᠢ ᠰᠡᠷᠭᠦᠭᠡᠵᠤ ᠪᠠᠶᠢᠬᠤ ᠨᠢ ᠳᠡᠷᠨ | ᠠᠶᠢᠯ ᠭᠠᠴᠠᠭ᠎ᠠ ︵ᠰᠤᠮᠤ︶ ᠶᠢᠨ ᠳᠡᠤᠭᠡ ᠳᠤᠮᠤᠭ ᠢ ᠨᠢ ᠰᠡᠷᠭᠦᠭᠡᠵᠤ ᠤᠯᠠᠮᠵᠢᠯᠠᠵᠤ ᠪᠠᠶᠢᠭ᠎ᠠ ᠶᠠᠪᠤᠳᠡᠯ ᠪᠤᠯᠬᠤ ᠶᠤᠮ᠃ | | ᠳᠡᠪᠤ᠂ ᠠᠶᠢᠯ ᠭᠠᠴᠠᠭ᠎ᠠ ᠶᠢᠨ ᠭᠠᠵᠠᠷ ᠤᠰᠤᠠ ᠤ ᠨᠡᠷ᠎ᠡ ᠶᠢ ᠡᠮᠬᠢᠳᠭᠡᠵᠤ᠂ ᠤᠷᠤᠠ ᠪᠠᠶᠢᠷᠢ ᠶᠢ ᠨᠢ | ᠳᠡᠮᠳᠡᠭᠯᠡᠭᠦ ᠠᠵᠢᠯ ᠢ ᠭᠠᠷᠳᠡᠡ ᠬᠢᠭᠦ ᠴᠢᠬᠤᠯᠨ ᠲᠠᠢ᠃ ᠪᠠᠶᠢᠭᠠᠯᠢ ᠤᠷᠴᠢᠠ ᠤ ᠬᠤᠪᠢᠷᠡᠯᠳᠠ ᠤᠯᠠᠷᠢᠯᠳᠠ ᠶᠢ | ᠳᠠᠭᠠᠯᠳᠤᠠ ᠠᠶᠢᠯ ᠭᠠᠴᠠᠭ᠎ᠠ ᠶᠢᠨ ᠭᠠᠵᠠᠷ ᠤᠰᠤᠠ ᠤ ᠪᠠᠶᠢᠳᠡᠯ ᠶᠡᠭᠡᠪᠡᠷ ᠬᠤᠪᠢᠷᠡᠵᠤ᠂ ᠤᠤᠯ ᠤᠨ ᠤᠷᠤᠠ ᠪᠠᠶᠢᠷᠢ ᠨᠢ | ᠶᠠᠪᠤᠬᠤ ᠳᠤᠳᠤᠮ ᠪᠠᠯᠠᠷᠬᠠᠢ ᠪᠤᠯᠵᠤ᠂ ᠨᠡᠷ᠎ᠠ ᠳᠠᠭᠤᠳᠡᠯᠭᠠ ᠨᠢ ᠠᠷᠢᠯᠵᠤ ᠤᠰᠠᠳᠴᠤ ᠪᠤᠢ᠂ ᠪᠢᠳᠠ ᠪᠤᠰᠢᠭᠤ | ᠭᠦᠳᠡᠯᠤᠯᠴᠡᠵᠤ ᠡᠨ᠋ᠨ ᠳᠤᠬᠠᠢ ᠡᠮᠬᠢᠳᠭᠡᠵᠤ ᠳᠡᠮᠳᠡᠭᠯᠡᠭᠦ ᠦᠭᠡᠢ ᠪᠤᠯ ᠠᠬᠢᠭᠠᠳ ᠳᠠᠪᠤ ᠠᠷᠪᠠᠠ ᠵᠢᠯ ᠦᠡᠭᠭᠡᠷᠡᠪᠡᠯ | ᠤᠯᠠᠩᠬᠢ ᠠᠶᠢᠯ ᠭᠠᠴᠠᠭ᠎ᠠ ᠶᠢᠨ ᠭᠠᠵᠠᠷ ᠤᠰᠤᠠ ᠤ ᠨᠡᠷᠡᠶᠢᠳᠤᠯ ᠤᠰᠠᠳᠤᠠ ᠳᠠᠭᠤᠰᠴᠤ᠂ ᠵᠦᠪᠭᠡᠡ ᠠᠶᠢᠯ | ᠭᠠᠴᠠᠭ᠎ᠠ ᠶᠢᠨ ᠨᠠᠷᠠ ᠯᠨ ᠦᠯᠡᠳᠡᠭᠦ ᠳᠡᠳᠤᠢ ᠪᠤᠯᠤᠨ᠎ᠠ᠃ ᠵᠢᠱᠢᠶᠠᠯᠠᠪᠠᠯ᠂ ᠮᠢᠨᠤ ᠨᠤᠳᠤᠭ ᠯᠠᠮᠨ ᠶᠢᠨ ᠪᠤᠮᠪᠠ | ᠠᠶᠢᠯ ᠤᠨ ᠬᠠᠷᠢᠶᠠᠠ ᠳᠤ ᠠᠩᠬᠠᠠ ᠳᠠᠭᠠᠨ ᠰᠠᠴᠠᠠ ᠬᠤᠭᠤᠯᠠᠢ᠂ ᠢᠯᠠᠮ᠎ᠠ ᠶᠢᠨ ᠬᠤᠭᠤᠯᠠᠢ᠂ ᠯᠠᠮᠨ ᠶᠢᠨ ᠨᠤᠳᠤᠭ᠂ | ᠰᠤᠬᠤᠷ ᠤᠨ ᠨᠤᠳᠤᠭ᠂ ᠰᠠᠶᠢᠬᠠᠠ ᠵᠢᠯᠠᠭ᠎ᠠ ᠶᠢᠨ ᠠᠭᠯᠠᠭ᠂ ᠴᠢᠯᠠᠭᠤᠳᠤ ᠶᠢᠨ ᠠᠭᠯᠠᠭ᠂ ᠪᠤᠳᠠ ᠶᠢᠨ ᠠᠭᠯᠠᠭ᠂ | ᠦᠨᠡᠭᠡᠡ ᠵᠢᠯᠠᠭ᠎ᠠ᠂ ᠰᠤᠪᠤᠷᠭᠠᠠ ᠵᠢᠯᠠᠭ᠎ᠠ᠂ ᠪᠤᠮᠪᠠ ᠶᠢᠨ ᠵᠢᠯᠠᠭ᠎ᠠ᠂ ᠭᠠᠶᠢᠬᠠᠮ᠎ᠠ ᠵᠢᠯᠠᠭ᠎ᠠ᠂ ᠳᠡᠭᠷᠢ ᠳᠠᠬᠢᠭᠰᠠᠨ ᠵᠢᠯᠠᠭ᠎ᠠ | ᠂ ᠳᠠᠬᠢᠭᠰᠠᠨ ᠨᠠᠭᠤᠷ᠂ ᠤᠯᠠᠭᠠᠠ ᠨᠠᠭᠤᠷ᠂ ᠬᠠᠷ᠎ᠠ ᠨᠠᠭᠤᠷ᠂ ᠠᠪᠠ ᠶᠢᠨ ᠬᠤᠷ᠎ᠠ᠂ ᠳᠠᠪᠤᠠ ᠮᠠᠨᠢ ᠶᠢᠨ ᠳᠡᠯ᠎ᠠ᠂ | ᠳᠦᠢᠮᠤᠷᠳᠤ ᠳᠡᠯ᠎ᠠ ᠵᠡᠷᠭᠡ ᠰᠠᠶᠢᠬᠠᠠ ᠰᠠᠶᠢᠬᠠᠠ ᠭᠠᠵᠠᠷ ᠤᠰᠤ ᠪᠠᠶᠢᠵᠤ᠂ ᠤᠯᠠᠠ ᠵᠢᠯ ᠤᠨ ᠡᠯᠡᠭᠳᠡᠯ ᠳᠠᠯᠬᠢᠳᠡᠯ | ᠳᠤᠤᠷ᠎ᠠ ᠳᠡᠳᠡᠭᠡᠷ ᠭᠠᠵᠠᠷ ᠤᠰᠤ ᠶᠢᠨ ᠤᠷᠤᠠ ᠪᠠᠶᠢᠷᠢ ᠭᠡᠳᠦ᠋ᠢᠠ ᠪᠠᠯᠠᠷᠡᠵᠤ ᠳᠤᠳᠤ ᠦᠭᠡᠢ ᠪᠤᠯᠪᠠ᠂ ᠤᠡᠴᠠᠭᠠᠶᠢᠯᠠᠠ | ᠤᠤᠯ ᠤᠨ ᠦᠡᠳᠤᠷ ᠦᠡᠳᠤᠷ ᠤᠷᠤᠢ ᠵᠢᠯᠠᠭ᠎ᠠ ᠨᠢ ᠭᠡᠶᠢᠰᠤᠠ ᠰᠠᠷᠨᠢᠵᠤ᠂ ᠦᠷᠭᠡᠡ ᠳᠤᠩᠭᠠᠯᠠᠭ ᠨᠠᠭᠤᠷ | ᠴᠦᠭᠦᠷᠤᠮ ᠨᠢ ᠬᠠᠳᠡᠡ ᠰᠢᠷᠬᠢᠵᠤ᠂ ᠤᠳᠤ ᠠᠶᠢᠯ ᠤᠨ 40 ᠨᠠᠰᠤᠠ ᠠᠴᠠ ᠳᠤᠷᠤᠭᠰᠢ ᠬᠦᠮᠦᠰ ᠠᠶᠢᠯ ᠤᠨ | ᠬᠠᠷᠢᠶᠠᠠ ᠤ ᠳᠡᠳᠡᠭᠡᠷ ᠭᠠᠵᠠᠷ ᠤᠰᠤ ᠶᠢ ᠮᠡᠳᠡᠭᠦ ᠦᠭᠡᠢ ᠪᠤᠯᠵᠤ᠂ ᠵᠡᠷᠢᠮ ᠨᠢ ᠪᠠᠭ᠎ᠠ ᠰᠠᠭ᠎ᠠ ᠰᠤᠨᠤᠰᠴᠤ ᠮᠠᠳᠡᠵᠤ | ᠪᠠᠶᠢᠪᠠᠴᠤ ᠪᠤᠳᠡᠳᠡᠢ ᠤᠷᠤᠠ ᠪᠠᠶᠢᠷᠢ ᠶᠢ ᠨᠢ ᠮᠡᠳᠡᠵᠤ ᠦᠭᠡᠢ ᠪᠤᠯᠤᠭᠰᠠᠠ ᠶᠤᠮ᠃ ᠡᠶᠢᠮᠤ ᠠᠴᠠ ᠡᠨ᠋ᠨ ᠳᠤᠬᠠᠢ | ᠡᠮᠬᠢᠳᠭᠡᠵᠤ ᠪᠠᠰᠠ ᠵᠢᠷᠤᠭᠯᠠᠠ ᠳᠡᠮᠳᠡᠭᠯᠡᠭᠦ ᠭᠡᠷᠡᠭᠳᠡᠢ᠃ | ᠵᠢᠷᠭᠤᠭ᠎ᠠ᠂ ᠳᠠᠬᠢᠯᠭ᠎ᠠ ᠶᠢᠨ ᠰᠤᠶᠤᠯ ᠢ ᠰᠡᠷᠭᠦᠭᠡᠵᠤ ᠪᠠᠰᠠ ᠲᠦᠷᠢᠮᠵᠢᠭᠦᠯᠭᠦ ᠴᠢᠬᠤᠯᠨ ᠲᠠᠢ᠃ ᠮᠠᠠ ᠤ | ᠮᠤᠩᠭᠤᠯᠴᠤᠳ ᠡᠷᠳᠡ ᠳᠡᠭᠡᠳᠤ ᠶᠢᠨ ᠦᠶ᠎ᠠ ᠠᠴᠠ ᠠᠪᠤᠭᠠᠳ ᠤᠪᠤᠭ᠎ᠠ ᠳᠡᠬᠢᠬᠤ ᠠᠴᠠ ᠭᠠᠳᠡᠨ᠎ᠠ ᠳᠡᠭᠷᠢ ᠳᠠᠬᠢᠬᠤ᠂ | ᠭᠠᠯ ᠳᠠᠬᠢᠬᠤ᠂ ᠨᠠᠭᠤᠷ ᠳᠠᠬᠢᠬᠤ᠂ ᠵᠢᠯᠠᠭ᠎ᠠ ᠳᠡᠬᠢᠬᠤ᠂ ᠮᠤᠳᠤ ᠳᠠᠬᠢᠬᠤ᠂ ᠳᠡᠭᠡᠷᠮᠠ ᠳᠠᠬᠢᠬᠤ ᠵᠡᠷᠭᠡ ᠤᠯᠠᠠ ᠵᠦᠢᠯ | ᠠᠷᠪᠢᠠ ᠭᠡᠯᠪᠡᠷᠢ ᠶᠢᠨ ᠳᠠᠬᠢᠯᠭ᠎ᠠ ᠶᠢᠨ ᠰᠤᠶᠤᠯ ᠤᠯᠠᠮᠵᠢᠯᠠᠯ ᠲᠠᠢ ᠪᠠᠶᠢᠪᠠ᠃ ᠭᠡᠶ᠎ᠠ ᠤᠳᠤ ᠤᠪᠤᠭ᠎ᠠ ᠶᠢᠨ | ᠳᠠᠬᠢᠯᠭ᠎ᠠ ᠠᠴᠠ ᠪᠤᠰᠤ ᠤᠯᠠᠠ ᠵᠦᠢᠯ ᠤᠨ ᠳᠠᠬᠢᠯᠭ᠎ᠠ ᠶᠢᠨ ᠵᠠᠩ ᠳᠠᠳᠬᠠᠯ ᠨᠢ ᠠᠯᠭᠤᠷ ᠮᠠᠷᠳᠠᠭᠳᠠᠠ ᠤᠷᠬᠢᠭᠳᠠᠵᠤ | ᠤᠯᠠᠮᠵᠢᠯᠠᠯ ᠳᠠᠰᠤᠷᠡᠪᠡ᠃ ᠮᠢᠨᠤ ᠨᠤᠳᠤᠭ ᠯᠠᠮᠨ ᠶᠢᠨ ᠪᠤᠮᠪᠠ ᠶᠢᠨ ᠬᠠᠷᠢᠶᠠᠠ ᠳᠤ ᠳᠠᠬᠢᠭᠰᠠᠠ ᠨᠠᠭᠤᠷ᠂ ᠳᠡᠭᠷᠢ | ᠳᠠᠬᠢᠭᠰᠠᠨ ᠵᠢᠯᠠᠭ᠎ᠠ᠂ ᠳᠠᠬᠢᠯ ᠤᠨ ᠮᠤᠳᠤ ᠭᠡᠮᠡᠡ ᠨᠡᠯᠢᠶᠡᠳ ᠤᠯᠠᠠ ᠪᠠᠶᠢᠪᠠ᠃ ᠭᠡᠪᠡᠴᠤ ᠨᠠᠭᠤᠷ ᠢ ᠶᠠᠭᠠᠬᠢᠵᠤ ᠳᠠᠬᠢᠵᠤ | ᠵᠢᠯᠠᠭ᠎ᠠ ᠶᠢ ᠶᠠᠭᠠᠬᠢᠵᠤ ᠳᠠᠬᠢᠵᠤ ᠮᠤᠳᠤ ᠶᠢ ᠶᠠᠭᠠᠬᠢᠵᠤ ᠳᠠᠬᠢᠵᠤ ᠪᠠᠶᠢᠭᠰᠠᠠ ᠢ ᠪᠢᠳᠠ ᠨᠢᠳᠤ ᠪᠠᠷ ᠢᠶᠠᠨ ᠤᠯᠵᠤ | ᠦᠵᠡᠭᠰᠡᠡ ᠦᠭᠡᠢ᠃ ᠪᠠᠭ᠎ᠠ ᠶᠢᠨ ᠦᠶᠡᠰ ᠳᠡᠭᠡᠳᠡᠢ ᠭᠦᠮᠤᠰ ᠠᠴᠠ ᠰᠤᠰᠤᠨᠤᠭᠰᠠᠠ ᠢᠶᠠᠷ᠂ ᠶᠡᠭᠡ ᠭᠠᠨᠭ᠌ | ᠬᠠᠭᠰᠠᠷᠠᠭᠠᠠ ᠪᠤᠯᠬᠤ ᠦᠶᠡᠰ᠂ ᠠᠶᠢᠯ ᠤᠨ ᠠᠬᠠᠮᠠᠳ ᠳᠤᠭᠳᠠᠭᠰᠠᠠ ᠳᠠᠬᠢᠯᠭ᠎ᠠ ᠶᠢᠨ ᠨᠠᠭᠤᠷ ᠤᠨ ᠭᠦᠪᠡᠭᠡᠡ ᠳᠤ | ᠴᠤᠭᠯᠠᠷᠡᠵᠤ᠂ ᠦᠷᠭᠡᠡ ᠭᠡᠪᠴᠢᠶᠠᠠ ᠤ ᠳᠠᠬᠢᠯᠭ᠎ᠠ ᠳᠠᠭᠠᠳᠬᠠᠯ ᠬᠢᠵᠤ᠂ ᠪᠤᠳᠠᠭᠠᠠ ᠳᠡᠭᠡᠵᠢ ᠠᠷᠢᠬᠢᠠ ᠳᠡᠭᠡᠵᠢ ᠪᠠᠨ | ᠡᠷᠭᠦᠵᠤ ᠰᠢᠬᠦᠰᠦ ᠳᠠᠯᠪᠢᠵᠤ᠂ ᠭᠦᠵᠢ ᠵᠤᠯᠨ ᠠᠰᠠᠭᠠᠵᠤ᠂ ᠯᠤᠤᠰ ᠤᠨ ᠡᠵᠡᠡ ᠠᠴᠠ ᠬᠤᠷ᠎ᠠ ᠪᠤᠷᠤᠭᠠᠠ ᠭᠤᠶᠤᠨ᠎ᠠ | ᠭᠡᠨ᠎ᠠ᠃ ᠨᠠᠭᠤᠷ ᠳᠠᠬᠢᠬᠤ ᠳᠤ ᠴᠤᠬᠤᠮ ᠭᠡᠴᠢᠨᠠᠠ ᠠᠭᠤᠯᠭ᠎ᠠ ᠭᠡᠯᠪᠡᠷᠢ ᠪᠠᠷ ᠬᠢᠳᠡᠭ ᠪᠤᠯ︖ ᠵᠢᠯᠠᠭ᠎ᠠ ᠳᠠᠬᠢᠳᠠᠭ ᠨᠢ | ᠴᠤᠬᠤᠮ ᠶᠠᠮᠠᠷ ᠤᠳᠬ᠎ᠠ ᠰᠠᠨᠠᠭ᠎ᠠ ᠶᠢ ᠢᠯᠡᠳᠭᠡᠭᠦ ᠪᠤᠯ︖ ᠮᠠᠨᠤᠰ ᠮᠡᠳᠡᠭᠦ ᠶᠢᠨ ᠠᠷᠭ᠎ᠠ ᠦᠭᠡᠢ ᠪᠤᠯᠪᠠ᠃ ᠮᠤᠳᠤ | ᠳᠡᠬᠢᠬᠤ ᠶᠢᠨ ᠳᠤᠬᠠᠢ ︽ᠮᠤᠩᠭᠤᠯ ᠤᠨ ᠨᠢᠭᠤᠴᠨ ᠲᠤᠪᠴᠢᠶᠠᠨ︾ ᠳᠤ ᠲᠡᠮᠤᠵᠢᠨ᠂ ᠵᠠᠮᠤᠬ᠎ᠠ ᠬᠤᠶᠠᠷ ᠬᠤᠷᠬᠤᠨᠠᠭ | ᠵᠤᠪᠤᠷ᠎ᠠ ᠨᠠᠶᠢᠯᠡᠨ ᠪᠠᠭᠤᠵᠤ᠂ ︽ᠬᠤᠷᠬᠤᠨᠠᠭ ᠵᠤᠪᠤᠷ ᠤᠨ ᠬᠤᠯᠳᠠᠭᠠᠷ ᠬᠠᠨ ᠭᠤᠨ ᠤ ᠦᠪᠤᠷᠡ ᠰᠠᠬᠯᠠᠭᠠᠷ ᠮᠤᠳᠤᠨ | ᠠᠨᠳᠡ ᠬᠡᠮᠡᠯᠳᠦᠵᠤ ᠠᠮᠠᠷᠠᠯᠳᠤᠵᠤ ᠬᠤᠷᠢᠮᠯᠡᠨ ᠲᠦᠢᠯᠡᠨ ᠵᠢᠷᠭᠠᠯᠳᠤᠵᠤ᠂ ᠰᠦᠨᠢ ᠬᠦᠨᠵᠢᠯᠨ ᠳᠤ ᠪᠠᠨ ᠭᠠᠭᠴᠨ | ᠬᠤᠨᠤᠯᠳᠤᠬᠤᠨ ᠪᠦᠯᠦᠭᠡ︾ ᠭᠡᠵᠤ᠂ ᠠᠨᠳᠡ ᠠᠬ᠎ᠠ ᠲᠡᠭᠦᠤ ᠪᠠᠷᠢᠯᠳᠤᠬᠤ ᠳᠠᠭᠠᠨ ᠰᠠᠬᠯᠠᠭᠠᠷ ᠮᠤᠳᠤᠨ᠎ᠠ | ᠲᠠᠩᠭᠠᠷᠢᠬᠯᠠᠬᠰᠡᠨ ᠤᠴᠢᠷ ᠢ ᠲᠡᠮᠳᠡᠭᠯᠡᠭᠰᠡᠨ ᠪᠠᠶᠢᠳᠠᠭ᠃ ᠡᠳᠡᠭᠡᠷ ᠲᠡᠮᠳᠡᠭᠯᠡᠯ ᠤᠳ ᠠᠴᠠ ᠦᠵᠡᠭᠦᠯ᠎ᠡ᠂ ᠡᠷᠳᠡᠨ ᠤ | ᠮᠤᠩᠭᠤᠯᠴᠤᠳ ᠤᠨ ᠰᠠᠬᠯᠠᠭᠠᠷ ᠮᠤᠳᠤᠨ ᠰᠢᠳᠦᠯᠭᠡ ᠨᠢ ᠲᠤᠬᠠᠢ ᠶᠢᠨ ᠦᠶ᠎ᠡ ᠶᠢᠨ ᠲᠦᠷᠦ ᠬᠦᠷᠦᠨ ᠤ ᠶᠡᠭᠡ ᠬᠡᠷᠡᠭ | ᠤᠴᠢᠷ ᠤᠳ ᠲᠠᠢ ᠰᠢᠭᠤᠳ ᠤᠶᠠᠯᠳᠤᠵᠤ ᠪᠠᠶᠢᠬᠰᠡᠨ ᠶᠤᠮ ᠪᠠᠶᠢᠨ᠎ᠠ᠃ ᠡᠷᠳᠡᠨ ᠤ ᠮᠤᠩᠭᠤᠯᠴᠤᠳ ᠠᠪᠤᠷᠭᠤ ᠲᠤᠮᠤ | ᠰᠠᠬᠯᠠᠭᠠᠷ ᠱᠠᠩᠰᠢ ᠮᠤᠳᠤ ᠶᠢ ᠲᠡᠭᠷᠢ ᠭᠠᠵᠠᠷ᠂ ᠬᠦᠮᠤᠨ ᠤ ᠬᠤᠭᠤᠷᠤᠨᠳᠤᠬᠢ ᠭᠤᠷᠮᠤᠰᠤᠨ ᠬᠠᠷᠢᠯᠴᠠᠭᠠᠨ ᠤ | ᠰᠢᠵᠢᠮ ᠢᠶᠠᠷ ᠦᠵᠡᠳᠡᠭ ᠪᠠᠶᠢᠬᠰᠡᠨ ᠪᠤᠯᠬᠤᠷ ᠪᠠᠶᠢᠭᠠᠯᠢᠯᠢᠭ ᠰᠢᠳᠦᠯᠭᠡ ᠪᠤᠢ ᠪᠤᠯᠤᠬᠰᠡᠨ ᠪᠠᠶᠢᠵᠠᠢ᠃ ᠪᠢᠳᠠ | ᠳᠡᠭᠡᠳᠤ ᠶᠢᠨ ᠦᠶ᠎ᠠ ᠶᠢᠨ ᠡᠯ᠎ᠠ ᠵᠦᠢᠯ ᠤᠨ ᠳᠡᠬᠢᠯᠭ᠎ᠠ ᠶᠢᠨ ᠰᠤᠶᠤᠯ ᠢᠶᠠᠨ ᠰᠡᠷᠭᠦᠭᠡᠵᠤ ᠤᠯᠠᠮᠵᠢᠯᠠᠬᠤ ᠶᠢᠨ ᠳᠠᠭᠠᠤ | ᠪᠠᠰᠠ ᠪᠡᠷᠢᠮᠵᠢᠶ᠎ᠠ ᠲᠦᠷᠢᠮᠵᠢᠯ ᠲᠠᠢ ᠳᠠᠬᠢᠯᠭ᠎ᠠ ᠬᠢᠭᠦ ᠶᠢ ᠠᠩᠬᠠᠷᠬᠤ ᠭᠡᠷᠡᠭᠳᠡᠢ ᠪᠤᠢ᠃ ᠤᠳᠤ ᠠᠶᠢᠯ ᠭᠦᠳᠡᠭᠡ ᠳᠤ | ᠤᠪᠤᠭ᠎ᠠ ᠳᠠᠬᠢᠬᠤ ᠬᠠᠯᠠᠮᠰᠢᠯ ᠪᠤᠯᠵᠤ ᠵᠡᠷᠢᠮ ᠠᠶᠢᠯ ᠭᠠᠴᠠᠭ᠎ᠠ ᠨᠢ ᠤᠪᠤᠭ᠎ᠠ ᠳᠡᠬᠢᠨᠠ ᠭᠡᠳ ᠤᠷᠢᠳᠡᠪᠡᠷ ᠤᠯᠠᠠ | ᠠᠷᠪᠢᠠ ᠬᠤᠸᠡᠷ ᠫᠤᠤᠵᠢᠩ ᠳᠠᠯᠪᠢᠵᠤ᠂ ᠯᠠᠮᠨ ᠵᠠᠯᠠᠵᠤ ᠳᠦᠪᠠᠳ ᠨᠤᠮ ᠤᠡᠭᠰᠢᠭᠤᠯᠵᠤ᠂ ᠳᠠᠯᠠᠪᠠᠢ ᠶᠢᠨ ᠪᠦᠵᠢᠭ ᠤᠨ | ᠮᠦᠷᠦ᠋ᠢᠴᠡᠭᠡᠡ ᠶᠠᠪᠤᠭᠳᠠᠭᠤᠯᠵᠦ᠂ ᠤᠪᠤᠭ᠎ᠠ ᠪᠠᠨ ᠳᠤᠭᠤᠷᠢᠭᠠᠳ ᠶᠡᠭᠡᠪᠡᠷ ᠤᠤᠭᠤᠵᠤ ᠢᠳᠡᠭᠡᠳ ᠤᠪᠤᠭ᠎ᠠ ᠶᠢᠨ | ᠤᠷᠴᠢᠠ ᠢᠶᠠᠨ ᠳᠠᠯᠬᠢᠳᠠᠠ ᠪᠤᠵᠠᠷᠳᠠᠭᠤᠯᠵᠤ᠂ ᠤᠪᠤᠭ᠎ᠠ ᠳᠠᠬᠢᠯᠭ᠎ᠠ ᠶᠢᠨ ᠶᠤᠰᠤ ᠴᠡᠭᠡᠷ ᠢ ᠡᠪᠳᠡᠵᠤ ᠪᠠᠶᠢᠨ᠎ᠠ᠃ | ᠳᠤᠯᠤᠭ᠎ᠠ᠂ ᠡᠷᠳᠡᠡ ᠤ ᠪᠠᠭᠤᠷᠢ᠂ ᠡᠷᠳᠡᠡ ᠤ ᠳᠤᠷᠡᠰᠬᠠᠯᠳᠤ ᠵᠦᠢᠯᠡᠰ ᠢ ᠰᠢᠡᠵᠢᠯᠡᠵᠤ ᠳᠡᠮᠳᠡᠭᠯᠡᠵᠤ | ᠬᠠᠮᠠᠭᠠᠯᠠᠬᠤ ᠶᠢ ᠴᠢᠬᠤᠯᠠᠴᠢᠯᠠᠠ ᠦᠵᠡᠭᠦ ᠴᠢᠬᠤᠯᠨ ᠲᠠᠢ᠃ ᠤᠷᠴᠢᠠ ᠪᠠᠶᠢᠭᠠᠯᠢ ᠶᠢᠨ ᠬᠤᠪᠢᠷᠡᠯᠳᠠ ᠶᠢ ᠳᠠᠭᠠᠯᠳᠤᠠ | ᠵᠡᠷᠢᠮ ᠡᠷᠳᠡᠡ ᠤ ᠪᠠᠭᠤᠷᠢ᠂ ᠤᠷᠤ ᠮᠦᠷ ᠦᠯᠡᠳᠡᠭᠳᠡᠯ ᠭᠡᠶᠢᠰᠤᠭ᠍ᠳᠡᠡ ᠳᠠᠷᠤᠭᠳᠡᠡ ᠤᠰᠠᠳᠬᠤ ᠳᠤ ᠵᠡᠷᠢᠮ ᠭᠠᠵᠠᠷ | ᠤᠷᠤᠠ ᠳᠤ ᠡᠷᠳᠡᠡ ᠤ ᠪᠠᠭᠤᠷᠢ ᠤᠷᠤ ᠮᠦᠷ ᠵᠢᠴᠢ ᠡᠷᠳᠡᠡ ᠤ ᠳᠤᠷᠡᠰᠬᠠᠯᠳᠤ ᠵᠦᠢᠯᠡᠰ ᠭᠡᠶᠢᠰᠤᠭ᠍ᠳᠡᠡ ᠭᠠᠷᠴᠤ | ᠢᠷᠡᠵᠤ ᠪᠠᠶᠢᠨ᠎ᠠ᠃ ᠮᠢᠨᠤ ᠨᠤᠳᠤᠭ ᠯᠠᠮᠨ ᠶᠢᠨ ᠪᠤᠮᠪᠠ ᠶᠢᠨ ᠵᠡᠷᠢᠮ ᠦᠡᠳᠤᠷ ᠵᠢᠯᠠᠭ᠎ᠠ ᠭᠡᠶᠢᠰᠤᠠ ᠰᠢᠯᠵᠢᠭᠰᠡᠡ ᠤ | ᠳᠠᠷᠠᠭ᠎ᠠ ᠳᠡᠭᠦᠠ ᠤ ᠤᠤᠯ ᠰᠠᠭᠤᠷᠢ ᠠᠴᠠ ᠪᠠᠯᠠᠷ ᠡᠷᠳᠡᠡ ᠤ ᠭᠦᠮᠤᠠ ᠤ ᠭᠡᠷᠡᠭᠯᠡᠵᠤ ᠪᠠᠶᠢᠭᠰᠠᠠ ᠭᠡᠳᠤᠠ ᠰᠢᠷᠤᠢ ᠶᠢᠨ | ᠪᠤᠳᠤᠩ ᠨᠢ ᠭᠠᠷᠴᠤ ᠢᠷᠡᠪᠡ᠃ ᠤᠳᠤ ᠡᠷᠳᠡᠡ ᠤ ᠳᠤᠷᠡᠰᠬᠠᠯᠳᠤ ᠵᠦᠢᠯᠡᠰ ᠠᠶᠢᠯ ᠡᠷᠤᠭᠡ ᠳᠤ ᠪᠠᠭ᠎ᠠ ᠪᠤᠰᠤ ᠳᠠᠷᠬᠠᠠ | ᠬᠠᠳᠠᠭᠠᠯᠠᠭᠳᠠᠵᠤ ᠪᠠᠶᠢᠬᠤ ᠶᠢᠨ ᠳᠠᠭᠠᠤ ᠬᠠᠤᠯᠢ ᠪᠤᠰᠤ ᠪᠠᠷ ᠡᠷᠳᠡᠡ ᠤ ᠳᠤᠷᠡᠰᠬᠠᠯᠳᠤ ᠵᠦᠢᠯᠡᠰ ᠢ ᠬᠤᠳᠡᠯᠳᠤᠠ ᠠᠪᠬᠤ | ᠂ ᠬᠠᠶᠢᠠ ᠳᠠᠩᠨᠠᠬᠤ ᠠᠵᠢᠯᠯᠠᠭ᠎ᠠ ᠪᠠᠰᠠ ᠰᠦᠷᠡᠭᠡᠢ ᠪᠤᠯᠵᠤ᠂ ᠨᠤᠳᠤᠭ ᠤᠷᠤᠠ ᠤ ᠡᠷᠳᠡᠡ ᠤ ᠳᠤᠷᠡᠰᠬᠠᠯᠳᠤ ᠵᠦᠢᠯᠡᠰ | ᠬᠠᠤᠯᠢ ᠪᠤᠰᠤ ᠬᠠᠶᠢᠭᠴᠢᠳ ᠠᠷᠡᠯᠵᠢᠶᠡᠴᠢᠳ ᠤᠨ ᠭᠠᠷ ᠲᠤ ᠤᠷᠤᠵᠤ ᠭᠡᠭᠡᠭᠳᠡᠵᠤ ᠪᠠᠶᠢᠳᠠᠭ᠃ ᠨᠤᠳᠤᠭ ᠤᠨ | ᠳᠡᠭᠦᠤᠨᠡᠷ ᠤᠨ ᠭᠡᠯᠡᠭᠦ ᠪᠠᠷ᠂ ᠤᠶᠢᠷ᠎ᠠ ᠶᠢᠨ ᠬᠤᠶᠡᠷ ᠵᠢᠯ ᠤᠨ ᠳᠤᠷᠰᠢ ᠮᠠᠠ ᠤ ᠠᠶᠢᠯ ᠤᠨ ᠭᠡᠪᠴᠢᠶᠡᠡ ᠳᠤ ᠬᠠᠤᠯᠢ | ᠪᠤᠰᠤ ᠪᠠᠷ ᠡᠷᠳᠡᠡ ᠤ ᠪᠠᠭᠤᠷᠢ᠂ ᠡᠷᠳᠡᠡ ᠤ ᠤᠡᠭᠭᠤᠠ ᠬᠠᠶᠢᠠ ᠮᠠᠯᠳᠠᠭᠴᠢ ᠭᠦᠮᠤᠰ ᠠᠶᠢᠯ ᠤᠨ ᠭᠡᠭᠡᠷ᠎ᠠ ᠪᠡᠷᠭᠡ ᠪᠠᠷ | ᠮᠠᠰᠢᠠ ᠳᠡᠷᠭᠡ ᠭᠦᠶᠤᠯᠭᠡᠵᠤ᠂ ᠡᠯ᠎ᠠ ᠵᠦᠢᠯ ᠤᠨ ᠮᠠᠰᠢᠠ ᠳᠤᠨᠤᠭ ᠪᠠᠭᠠᠵᠢ ᠭᠡᠷᠡᠭᠯᠡᠡ ᠡᠷᠳᠡᠡ ᠤ ᠪᠠᠭᠤᠷᠢ᠂ ᠡᠷᠳᠡᠡ ᠤ | ᠤᠡᠭᠭᠤᠠ ᠬᠠᠶᠢᠠ ᠡᠷᠢᠵᠤ ᠪᠤᠢ᠃ ᠡᠶᠢᠮᠦᠷᠬᠦ ᠬᠠᠤᠯᠢ ᠪᠤᠰᠤ ᠪᠠᠷ ᠡᠷᠳᠡᠡ ᠤ ᠪᠠᠭᠤᠷᠢ᠂ ᠤᠡᠭᠭᠤᠠ ᠬᠠᠶᠢᠠ ᠰᠢᠡᠵᠢᠭᠦ | ᠶᠠᠪᠤᠳᠡᠯ ᠭᠠᠭᠴᠠᠬᠠᠠ ᠯᠠᠮᠨ ᠶᠢᠨ ᠪᠤᠮᠪᠠ ᠠᠶᠢᠯ ᠳᠤ ᠯᠨ ᠭᠠᠷᠴᠤ ᠪᠠᠶᠢᠬᠤ ᠪᠢᠰᠢ᠂ ᠬᠠᠷᠢᠠ ᠪᠦᠭᠦ ᠬᠤᠰᠢᠭᠤ | ᠨᠤᠳᠤᠭ ᠤᠨ ᠭᠡᠪᠴᠢᠶ᠎ᠠ ᠲᠠᠢ ᠤᠷᠤᠰᠢᠬᠤ ᠦᠵᠡᠭᠳᠡᠯ ᠪᠤᠯᠬᠤ ᠨᠢ ᠳᠡᠷᠨ᠃ ᠡᠶᠢᠮᠤ ᠠᠴᠠ ᠪᠢᠳᠠ ᠡᠨ᠋ᠨ ᠳᠤᠬᠠᠢ | ᠡᠷᠭᠡᠪᠰᠢ ᠴᠢᠬᠤᠯᠠᠴᠢᠯᠠᠠ ᠦᠵᠡᠵᠤ᠂ ᠪᠦᠳᠤᠮᠵᠢᠳᠡᠢ ᠠᠷᠭ᠎ᠠ ᠭᠡᠮᠵᠢᠶ᠎ᠠ ᠠᠪᠴᠤ᠂ ᠡᠨᠡᠭᠦ ᠬᠠᠤᠯᠢ ᠪᠤᠰᠤ | ᠠᠵᠢᠯᠯᠠᠭ᠎ᠠ ᠶᠢ ᠠᠯᠢ ᠴᠢᠳᠠᠬᠤ ᠪᠠᠷ ᠬᠤᠷᠢᠭᠯᠠᠠ ᠵᠤᠭᠰᠤᠭᠠᠵᠤ᠂ ᠨᠤᠳᠤᠭ ᠤᠷᠤᠠ ᠤ ᠪᠠᠨ ᠡᠷᠳᠡᠡ ᠤ ᠪᠠᠭᠤᠷᠢ᠂ | ᠡᠷᠳᠡᠡ ᠤ ᠤᠡᠭᠭᠤᠠ᠂ ᠡᠷᠳᠡᠡ ᠤ ᠳᠤᠷᠡᠰᠬᠠᠯᠳᠤ ᠵᠦᠢᠯᠡᠰ ᠢ ᠰᠠᠶᠢᠳᠤᠷ ᠬᠠᠮᠠᠭᠠᠯᠠᠬᠤ ᠭᠡᠷᠡᠭᠳᠡᠢ᠃ | ᠨᠠᠢᠮᠨ᠂ ᠴᠠᠭ ᠮᠦᠴᠠ ᠶᠢ ᠠᠮᠵᠢᠠ ᠰᠤᠷᠪᠤᠯᠵᠢᠯᠠᠠ ᠡᠮᠬᠢᠳᠭᠡᠬᠦ ᠠᠵᠢᠯ ᠢ ᠪᠤᠰᠢᠭᠤ ᠭᠠᠷᠳᠡᠡ ᠬᠢᠭᠦ | ᠴᠢᠬᠤᠯᠨ ᠲᠠᠢ᠃ ᠤᠠ ᠵᠢᠯ ᠤᠷᠴᠢᠵᠤ᠂ ᠠᠮᠢ ᠨᠠᠰᠤᠠ ᠦᠶᠡᠯᠡᠭᠦ ᠤᠷᠴᠢᠯᠠᠩ ᠤᠨ ᠬᠠᠳᠠᠭᠤ ᠵᠢᠮ᠎ᠠ ᠶᠤᠰᠤᠠ ᠳᠤ | ᠨᠠᠰᠤᠳᠠᠶᠢᠴᠤᠳ ᠶᠠᠪᠤᠬᠤ ᠳᠤᠳᠤᠮ ᠪᠠᠭᠠᠰᠤᠠ ᠴᠦᠭᠡᠷᠡᠭᠦ ᠶᠢ ᠳᠠᠭᠠᠯᠳᠤᠠ ᠮᠤᠩᠭᠤᠯ ᠠᠮᠠᠠ ᠵᠤᠬᠢᠶᠠᠯ ᠤᠨ | ᠢᠷᠡᠯᠳᠠ ᠶᠢᠨ ᠭᠦᠷᠢᠶ᠎ᠠ ᠭᠡᠪᠴᠢᠶ᠎ᠠ ᠴᠤ ᠶᠠᠪᠤᠬᠤ ᠳᠤᠳᠤᠮ ᠨᠠᠷᠢᠰᠴᠤ ᠢᠪᠴᠤᠷᠡᠵᠤ ᠯᠡ ᠪᠤᠢ᠃ ᠤᠳᠤ ᠮᠤᠩᠭᠤᠯ | ᠠᠮᠠᠠ ᠵᠤᠬᠢᠶᠠᠯ ᠤᠨ ᠤᠯᠠᠮᠵᠢᠯᠠᠯᠳᠤ ᠠᠷᠡᠳ ᠤᠨ ᠳᠠᠭᠤᠤ᠂ ᠠᠷᠡᠳ ᠤᠨ ᠦᠯᠢᠭᠡᠷ ᠳᠤᠮᠤᠭ᠂ ᠠᠮᠠᠠ ᠢᠷᠤᠭᠡᠯ᠂ | ᠳᠤᠭᠤᠵᠢ ᠵᠡᠷᠭᠡ ᠶᠢᠨ ᠡᠮᠬᠢᠳᠭᠡᠯ ᠨᠢᠭᠡᠨᠳᠡ ᠰᠡᠭᠦᠯᠴᠢ ᠶᠢᠨ ᠦᠶ᠎ᠠ ᠪᠤᠶᠤ ᠳᠠᠭᠦᠰᠭᠡᠯ ᠤᠨ ᠬᠤᠭᠤᠴᠠᠭᠠᠠ ᠳᠤ ᠤᠷᠤᠵᠤ | ᠂ ᠮᠤᠩᠭᠤᠯ ᠠᠮᠠᠠ ᠵᠤᠬᠢᠶᠠᠯ ᠤᠨ ᠲᠦᠷᠤᠯ ᠵᠦᠢᠯ ᠳᠤ ᠨᠤᠳᠤᠭ ᠤᠰᠤᠠ ᠤ ᠦᠯᠢᠭᠡᠷ ᠳᠤᠮᠤᠭ᠂ ᠴᠢᠳᠭᠦᠷ ᠤᠨ | ᠦᠯᠢᠭᠡᠷ᠂ ᠤᠪᠤᠭ ᠤᠭᠰᠠᠭ᠎ᠠ ᠶᠢᠨ ᠡᠭᠦᠰᠤᠯ ᠦᠯᠢᠭᠡᠷ ᠵᠡᠷᠭᠡ ᠨᠢ ᠪᠠᠰᠠ ᠪᠠᠴᠢᠮ ᠳᠤᠯᠭᠠᠮ᠎ᠠ ᠴᠠᠭ ᠦᠶ᠎ᠠ ᠳᠤ | ᠤᠷᠤᠵᠤ᠂ ᠪᠤᠰᠢᠭᠤ ᠡᠮᠬᠢᠳᠭᠡᠭᠦ ᠭᠡᠷᠡᠭᠳᠡᠢ ᠪᠤᠯᠤᠭᠠᠳ ᠪᠠᠶᠢᠨ᠎ᠠ᠃ ︽ᠡᠭᠦᠰᠪᠡᠯ ᠊᠊᠊᠊ ᠳᠡᠭᠦᠰᠤᠨᠠ᠂ ᠭᠦᠭᠡᠷᠡᠪᠡᠯ ᠊᠊᠊᠊ | ᠬᠤᠪᠠᠭ᠋ᠠᠶᠢᠷᠡᠨᠠ᠂ ᠨᠤᠴᠤᠪᠠᠯ ᠊᠊᠊᠊ ᠤᠡᠳᠠᠷᠡᠨᠠ᠂ ᠡᠳᠡᠭᠡᠪᠡᠯ ᠊᠊᠊᠊ ᠦᠭᠦᠨᠠ︾ ᠡᠨ᠋ᠨ ᠪᠤᠯ ᠶᠢᠷᠳᠢᠡᠴᠤ ᠶᠢᠨ ᠠᠯᠢᠪᠠ | ᠭᠡᠷᠡᠭ ᠪᠤᠳᠡᠰ ᠤᠨ ᠬᠠᠮᠳᠤ ᠶᠢᠨ ᠤᠠᠴᠠᠯᠢᠭ ᠪᠠ ᠵᠢᠮ᠎ᠠ ᠶᠤᠰᠤ ᠮᠦᠠ᠃ ᠮᠤᠩᠭᠤᠯ ᠠᠮᠠᠠ ᠵᠤᠬᠢᠶᠠᠯ ᠴᠤ ᠡᠨᠡᠭᠦ ᠵᠢᠮ᠎ᠠ | ᠶᠤᠰᠤ ᠠᠴᠠ ᠵᠠᠶᠢᠯᠠᠵᠤ ᠴᠢᠳᠠᠬᠤ ᠦᠭᠡᠢ᠃ ᠮᠤᠩᠭᠤᠯ ᠠᠮᠠᠠ ᠵᠤᠬᠢᠶᠠᠯ ᠤᠨ ᠰᠢᠡᠵᠢᠯᠡᠭᠡ ᠰᠤᠳᠤᠯᠤᠯ ᠬᠤᠶᠢᠰᠢᠳᠠ | ᠮᠦᠠ ᠤᠷᠳᠤ ᠬᠤᠭᠤᠴᠠᠭ᠎ᠠ ᠦᠷᠭᠦᠯᠵᠢᠯᠡᠭᠦ ᠪᠤᠯᠪᠠᠴᠤ ᠳᠡᠭᠦᠠ ᠢ ᠡᠮᠬᠢᠳᠭᠡᠵᠤ ᠴᠤᠭᠯᠠᠭᠤᠯᠵᠤ ᠭᠡᠪᠯᠡᠭᠦᠯᠭᠦ | ᠶᠠᠪᠤᠴᠠ ᠨᠢ ᠬᠠᠷᠢᠠ ᠴᠠᠭ ᠬᠤᠭᠤᠴᠠᠭᠠᠠ ᠤ ᠬᠢᠵᠠᠭᠠᠷ ᠲᠠᠢ ᠪᠠᠶᠢᠳᠠᠭ᠃ ᠪᠢᠳᠠ ᠬᠤᠭᠤᠰᠤᠠ ᠰᠢᠡᠵᠢᠯᠡᠵᠤ | ᠰᠤᠳᠤᠯᠤᠭᠠᠳ ᠯᠨ ᠪᠠᠶᠢᠵᠤ ᠪᠤᠯᠬᠤ ᠦᠭᠡᠢ᠂ ᠬᠠᠷᠢᠠ ᠲᠦᠷᠭᠡᠡ ᠦᠷᠨᠢᠭᠦᠯᠵᠤ ᠪᠤᠰᠢᠭᠤ ᠡᠮᠬᠢᠳᠭᠡᠭᠦ ᠭᠡᠷᠡᠭᠳᠡᠢ᠃ | ᠤᠳᠤ ᠦᠡᠳᠤᠰᠤᠠ ᠱᠠᠳᠤᠠ ᠳᠤ ᠨᠤᠳᠤᠭ ᠤᠰᠤᠠ ᠤ ᠪᠠᠨ ᠦᠯᠢᠭᠡᠷ ᠳᠤᠮᠤᠭ ᠮᠡᠳᠡᠳᠡᠭ ᠨᠠᠰᠤᠳᠠᠶᠢᠴᠤᠳ ᠡᠳᠤᠷ ᠤᠨ | ᠤᠳᠤ ᠰᠢᠤᠬᠠᠠ ᠴᠦᠭᠡᠡ ᠪᠤᠯᠵᠤ᠂ ᠨᠠᠩ ᠢᠯᠠᠩᠭᠤᠶ᠎ᠠ ᠠᠬᠠᠮᠠᠳ ᠦᠶ᠎ᠠ ᠶᠢᠨ ᠦᠯᠢᠭᠡᠷᠴᠢ ᠬᠤᠭᠤᠷᠴᠢ ᠴᠤᠭᠤᠷᠴᠢ | ᠬᠤᠪᠤᠷ ︽ᠡᠷᠳᠡᠨᠢ︾ ᠪᠤᠯᠤᠭᠠᠳ ᠪᠠᠶᠢᠨ᠎ᠠ᠃ | ᠮᠤᠩᠭᠤᠯ ᠳᠡᠤᠭᠡ ᠰᠤᠶᠤᠯ ᠵᠢᠴᠢ ᠮᠤᠩᠭᠤᠯ ᠠᠮᠠᠠ ᠵᠤᠬᠢᠶᠠᠯ ᠢ ᠡᠮᠬᠢᠳᠭᠡᠵᠤ ᠴᠤᠭᠯᠠᠭᠤᠯᠬᠤ ᠪᠤᠯ ᠮᠠᠠ ᠤ | ᠭᠦᠮᠤᠠ ᠨᠢᠭᠡᠪᠤᠷᠢ ᠶᠢᠨ ᠳᠡᠷᠬᠠᠠ ᠡᠭᠦᠷᠭᠡ ᠬᠠᠷᠢᠭᠤᠴᠠᠯᠭ᠎ᠠ ᠮᠦᠠ᠂ ᠬᠤᠯᠪᠤᠭᠳᠡᠯ ᠪᠦᠭᠦᠢ ᠰᠠᠯᠠᠭ᠎ᠠ ᠮᠦᠴᠢᠷ ᠤᠨ | ᠤᠳᠤᠷᠢᠳᠤᠯᠭ᠎ᠠ ᠨᠠᠷ ᠡᠨ᠋ᠨ ᠳᠤᠬᠠᠶᠢᠳᠡᠢ ᠦᠡᠳᠤᠷ ᠭᠡᠮᠵᠢᠶ᠎ᠠ ᠪᠠᠷ ᠴᠢᠬᠤᠯᠠᠴᠢᠯᠠᠠ ᠦᠵᠡᠵᠤ᠂ ᠦᠪᠡᠷ ᠤᠨ | ᠪᠡᠶ᠎ᠠ ᠪᠠᠷ ᠢᠶᠠᠨ ᠲᠦᠷᠤᠭᠦᠯᠠᠠ ᠭᠠᠷᠳᠡᠡ ᠬᠢᠭᠦ ᠭᠡᠷᠡᠭᠳᠡᠢ᠃ ᠦᠭᠡᠷ᠎ᠠ ᠲᠦᠷᠤᠯ ᠵᠦᠢᠯ ᠢ ᠬᠤᠶᠢᠰᠢᠯᠠᠵᠤ ᠪᠤᠯᠤᠨ᠎ᠠ᠂ | ᠤᠳᠠᠭᠠᠰᠢᠷᠡᠭᠤᠯᠵᠤ ᠪᠤᠯᠤᠨ᠎ᠠ᠂ ᠭᠡᠶ᠎ᠠ ᠮᠤᠩᠭᠤᠯ ᠠᠮᠠᠠ ᠵᠤᠬᠢᠶᠠᠯ ᠤᠡᠴᠠᠭᠠᠶᠢᠯᠠᠠ ᠨᠤᠳᠤᠭ ᠤᠰᠤᠠ ᠤ ᠦᠯᠢᠭᠡᠷ | ᠳᠤᠮᠤᠭ ᠡᠮᠬᠢᠳᠭᠡᠭᠦ ᠠᠵᠢᠯ ᠢ ᠵᠠᠪᠠᠯ ᠴᠠᠭ ᠢ ᠠᠮᠵᠢᠠ ᠪᠤᠰᠢᠭᠤ ᠬᠢᠭᠦ ᠭᠡᠷᠡᠭᠳᠡᠢ᠂ ᠠᠬᠢᠭᠠᠳ ᠳᠡᠪᠤ ᠳᠤᠯᠤᠭᠠᠠ ᠵᠢᠯ | ᠦᠡᠭᠭᠡᠷᠡᠪᠡᠯ ᠪᠢᠳᠠ ᠶᠠᠭᠤ ᠴᠤ ᠤᠯᠵᠤ ᠡᠮᠬᠢᠳᠭᠡᠭᠦ ᠦᠭᠡᠢ ᠪᠤᠯᠤᠨ᠎ᠠ︕ | ︵ᠵᠤᠬᠢᠶᠠᠭᠴᠢ᠄ ᠴᠢᠭᠡᠴᠢ︶ |